蒙古文网站Logo
ᠰᠢᠨᠬᠤᠸᠠ ᠮᠤᠩᠭ᠋ᠤᠯ ᠨᠧᠲ

ᠮᠠᠨ ᠤ ᠤᠯᠤᠰ ᠴᠦᠯᠵᠢᠯ ᠤᠨ ᠲᠡᠭ ᠨᠡᠮᠡᠭᠳᠡᠯ ᠢ ᠪᠠᠲᠤᠯᠠᠵᠠᠢ

2017-09-12 10:59

    ᠰᠢᠨᠬᠤᠸᠠ ᠬᠤᠷᠢᠶ᠎ᠠ ᠬᠦᠬᠡᠬᠤᠳᠠ ᠶᠢᠨ 9 ᠰᠠᠷ᠎ᠠ ᠶᠢᠨ 11 ᠤ ᠡᠳᠤᠷ ᠤᠨ ᠴᠠᠬᠢᠯᠭᠠᠨ ᠮᠡᠳᠡᠬᠡ ( ᠰᠤᠷᠪᠤᠯᠵᠢᠯᠠᠭᠴᠢ ᠢᠤᠢ ᠵᠢᠶᠠ ᠯᠢ ᠶᠦᠨ ᠫᠢᠩ) ᠤᠯᠤᠰ ᠤᠨ ᠤᠢ ᠰᠢᠭᠤᠢ ᠶᠢᠨ ᠲᠤᠪᠴᠢᠶᠠᠨ ᠤ ᠲᠡᠳ᠋ ᠲᠠᠷᠤᠭ᠎ᠠ ᠯᠢᠦ ᠳ᠋ᠦᠩ ᠱᠧᠩ 11 ᠤ ᠡᠳᠤᠷ 《ᠨᠢᠬᠡᠳᠤᠭ᠍ᠰᠡᠨ ᠦᠨᠳᠦᠰᠦᠳᠡᠨ ᠤ ᠪᠠᠢᠢᠭᠤᠯᠤᠯᠭ᠎ᠠ ᠵᠢᠨ ᠴᠦᠯᠵᠢᠯ ᠢ ᠰᠡᠷᠬᠡᠢᠢᠯᠡᠨ ᠵᠠᠰᠠᠬᠤ ᠨᠡᠢᠢᠳᠡ ᠵᠢᠨ ᠬᠡᠷ᠎ᠠ》 ᠶᠢᠨ ᠠᠷᠪᠠᠨ ᠭᠤᠷᠪᠠᠳᠤᠭᠠᠷ ᠤᠳᠠᠭᠠᠨ ᠤ ᠬᠡᠷᠡᠳᠦ ᠲᠠᠯ᠎ᠠ ᠵᠢᠨ ᠶᠡᠭᠡ ᠬᠤᠷᠠᠯ ᠤᠨ ᠲᠡᠭᠡᠳᠦ ᠵᠡᠷᠭᠡᠯᠡᠯ ᠤᠨ ᠬᠤᠷᠠᠯ ᠤᠨ ᠬᠡᠪᠯᠡᠯ ᠮᠡᠳᠡᠬᠡᠯᠡᠯ ᠤᠨ ᠬᠤᠷᠠᠯ ᠳᠤ᠂ ᠮᠠᠨ ᠤ ᠤᠯᠤᠰ ᠤᠯᠠᠨ ᠵᠢᠯ ᠤᠨ ᠲᠤᠷᠰᠢ ᠡᠯᠡᠰᠦ ᠶᠢ ᠰᠡᠷᠬᠡᠶᠢᠯᠡᠨ ᠵᠠᠰᠠᠬᠤ ᠠᠵᠢᠯ ᠳᠤ ᠢᠯᠡᠷᠬᠡᠢ ᠦᠷ᠎ᠡ ᠪᠦᠲᠦᠮᠵᠢ ᠤᠯᠤᠬᠰᠠᠨ ᠪᠦᠭᠡᠳ ᠴᠦᠯᠵᠢᠯ ᠤᠨ ᠲᠡᠭ ᠨᠡᠮᠡᠭᠳᠡᠯ ᠢ ᠪᠠᠲᠤᠯᠠᠵᠠᠢ ᠬᠡᠵᠤ ᠢᠯᠡᠳᠬᠡᠪᠡ᠃

    ᠯᠢᠦ ᠳ᠋ᠦᠩ ᠱᠧᠩ᠂ ᠮᠠᠨ ᠤᠨ ᠤᠯᠤᠰ ᠤᠨ ᠴᠦᠯᠵᠢᠯ ᠤᠨ ᠲᠠᠯᠠᠪᠠᠢ ᠲᠡᠭᠡᠷ᠎ᠡ ᠵᠠᠭᠤᠨ ᠤ ᠰᠡᠬᠦᠯᠴᠢ ᠡᠴᠡ ᠡᠬᠢᠯᠡᠨ ᠵᠢᠯ ᠪᠦᠷᠢ 1.04 ᠲᠦᠮᠡᠨ ᠺᠦᠸᠠᠳ᠋ ᠺᠢᠯᠤᠮᠧᠲ᠋ᠷ ᠢᠶᠡᠷ ᠨᠡᠮᠡᠭᠳᠡᠵᠤ ᠪᠠᠶᠢᠭᠰᠠᠨ ᠶᠢᠡᠨ ᠤᠳᠤ ᠵᠢᠯ ᠪᠦᠷᠢ 2424 ᠺᠦᠸᠠᠳ᠋ ᠺᠢᠯᠤᠮᠧᠲ᠋ᠷ ᠢᠶᠡᠷ ᠪᠠᠭᠠᠰᠬᠤ ᠪᠤᠯᠤᠯ᠎ᠠ᠂ ᠡᠯᠡᠰᠦᠵᠢᠯ ᠤᠨ ᠲᠠᠯᠠᠪᠠᠢ ᠲᠡᠭᠡᠷ᠎ᠡ ᠵᠠᠭᠤᠨ ᠤ ᠰᠡᠬᠦᠯᠴᠢ ᠡᠴᠡ ᠡᠬᠢᠯᠡᠨ ᠵᠢᠯ ᠪᠦᠷᠢ 3436 ᠺᠦᠸᠠᠳ᠋ ᠺᠢᠯᠤᠮᠧᠲ᠋ᠷ ᠢᠶᠡᠷ ᠦᠷᠭᠡᠳᠴᠤ ᠪᠠᠶᠢᠭᠰᠠᠨ ᠢᠶᠡᠨ ᠤᠳᠤ ᠵᠢᠯ ᠪᠦᠷᠢ 1980 ᠺᠦᠸᠠᠳ᠋ ᠺᠢᠯᠤᠮᠧᠲ᠋ᠷ ᠢᠶᠡᠷ ᠪᠠᠭᠠᠰᠬᠤ ᠪᠤᠯᠵᠤ᠂ ᠡᠯᠡᠰᠦ ᠲᠦᠷᠢᠨ ᠬᠦᠮᠦᠨ ᠤᠬᠤᠷᠢᠵᠤ ᠪᠠᠶᠢᠭᠰᠠᠨ ᠡᠴᠡ ᠪᠠᠨ ᠨᠤᠭᠤᠭᠠᠷᠠᠭᠤᠯᠤᠯᠳᠠ ᠲᠦᠷᠢᠵᠤ ᠡᠯᠡᠰᠦ ᠤᠬᠤᠷᠢᠬᠤ ᠲᠡᠦᠬᠡᠳᠤ ᠴᠢᠨᠠᠷ ᠲᠠᠢ ᠬᠤᠪᠢᠷᠠᠯᠳᠠ ᠭᠠᠷᠤᠭᠰᠠᠨ ᠪᠠᠶᠢᠨ᠎ᠠ ᠬᠡᠵᠡᠢ᠃

    《ᠮᠠᠨ ᠤ ᠤᠯᠤᠰ 2020 ᠤᠨ ᠪᠤᠯᠬᠤ ᠳᠤ 50% ᠡᠴᠡ ᠲᠡᠭᠡᠭ᠍ᠰ᠍ᠢᠬᠢ ᠵᠠᠰᠠᠵᠤ ᠪᠤᠯᠬᠤ ᠡᠯᠡᠰᠦᠵᠢᠯ ᠤᠨ ᠲᠠᠯᠠᠪᠠᠢ ᠶᠢ ᠵᠠᠰᠠᠵᠤ᠂ 2050 ᠤᠨ ᠪᠤᠯᠬᠤ ᠳᠤ ᠵᠠᠰᠠᠵᠤ ᠪᠤᠯᠬᠤ ᠡᠯᠡᠰᠦᠵᠢᠭᠰᠡᠨ ᠭᠠᠵᠠᠷ ᠢ ᠪᠦᠬᠦᠨ ᠢ ᠵᠠᠰᠠᠬᠤ ᠶᠢ ᠪᠡᠶᠡᠯᠡᠬᠦᠯᠦᠨ᠎ᠡ ᠬᠡᠵᠤ ᠲᠦᠯᠦᠪᠯᠡᠵᠤ ᠪᠤᠢ᠂ ᠡᠨᠡᠬᠦ ᠬᠠᠷᠠᠯᠳᠠ ᠶᠢ ᠪᠡᠶᠡᠯᠡᠬᠦᠯᠬᠦ ᠶᠢᠨ ᠲᠦᠯᠦᠬᠡ ᠮᠠᠨ ᠤ ᠤᠯᠤᠰ ᠡᠯᠡᠰᠦ ᠶᠢ ᠰᠡᠷᠬᠡᠶᠢᠯᠡᠨ ᠵᠠᠰᠠᠬᠤ ᠤᠳᠤᠬᠠᠨ ᠳᠤ ᠬᠡᠷᠡᠭᠵᠢᠭᠦᠯᠵᠦ ᠪᠠᠶᠢᠭ᠎ᠠ ᠲᠦᠷᠦ ᠶᠢᠨ ᠪᠤᠳᠤᠯᠭ᠎ᠠ ᠪᠡᠨ ᠦᠷᠬᠦᠯᠵᠢᠯᠡᠨ ᠰᠠᠶᠢᠳᠤᠷ ᠬᠡᠷᠡᠭ᠍ᠵᠢᠬᠦᠯᠵᠤ᠂ ᠰᠢᠨᠵᠢᠯᠡᠬᠦ ᠤᠬᠠᠭᠠᠨ ᠮᠡᠷᠬᠡᠵᠢᠯ ᠤᠨ ᠰᠢᠨ᠎ᠡ ᠶᠢ ᠡᠬᠦᠳᠬᠦ ᠶᠢ ᠴᠢᠩᠭ᠋ᠠᠳᠬᠠᠵᠤ᠂ ᠬᠠᠤᠯᠢ ᠪᠡᠷ ᠰᠡᠷᠬᠡᠶᠢᠯᠡᠨ ᠵᠠᠰᠠᠬᠤ ᠶᠢ ᠪᠠᠷᠢᠮᠳᠠᠯᠠᠨ 《ᠨᠢᠬᠡᠳᠤᠭ᠍ᠰᠡᠨ ᠦᠨᠳᠦᠰᠦᠳᠡᠨ ᠤ ᠪᠠᠢᠢᠭᠤᠯᠤᠯᠭ᠎ᠠ ᠵᠢᠨ ᠴᠦᠯᠵᠢᠯ ᠢ ᠰᠡᠷᠬᠡᠢᠢᠯᠡᠨ ᠵᠠᠰᠠᠬᠤ ᠨᠡᠢᠢᠳᠡ ᠵᠢᠨ ᠬᠡᠷ᠎ᠠ》᠂《 ᠨᠢᠬᠡ ᠪᠦᠰᠡ ᠨᠢᠬᠡ ᠵᠠᠮ》 ᠰᠠᠨᠠᠭᠠᠴᠢᠯᠠᠭ᠎ᠠ ᠵᠡᠷᠬᠡ ᠲᠠᠪᠴᠠᠩ ᠢ ᠠᠰᠢᠭᠯᠠᠨ ᠴᠦᠯᠵᠢᠯ ᠢ ᠰᠡᠷᠬᠡᠶᠢᠯᠡᠨ ᠵᠠᠰᠠᠬᠤ ᠤᠯᠠᠨ ᠤᠯᠤᠰ ᠤᠨ ᠬᠠᠮᠳᠤᠷᠠᠯᠴᠠᠭ᠎ᠠ ᠪᠠᠨ ᠬᠦᠨᠵᠡᠬᠡᠶᠢᠷᠡᠬᠦᠯᠬᠦ ᠬᠡᠷᠡᠭᠲᠡᠢ》ᠬᠡᠵᠤ ᠯᠢᠦ ᠳ᠋ᠦᠩ ᠱᠧᠩ ᠶᠠᠷᠢᠪᠠ᠃

    《ᠨᠢᠬᠡᠳᠤᠭ᠍ᠰᠡᠨ ᠦᠨᠳᠦᠰᠦᠳᠡᠨ ᠤ ᠪᠠᠢᠢᠭᠤᠯᠤᠯᠭ᠎ᠠ ᠵᠢᠨ ᠴᠦᠯᠵᠢᠯ ᠢ ᠰᠡᠷᠬᠡᠢᠢᠯᠡᠨ ᠵᠠᠰᠠᠬᠤ ᠨᠡᠢᠢᠳᠡ ᠵᠢᠨ ᠬᠡᠷ᠎ᠠ》 ᠶᠢᠨ ᠵᠤᠬᠢᠶᠠᠨ ᠪᠠᠶᠢᠭᠤᠯᠤᠯᠳᠠ ᠶᠢᠨ ᠲᠡᠳ᠋ ᠬᠦᠢᠴᠡᠳᠬᠡᠬᠦ ᠨᠠᠷᠢᠨ ᠪᠢᠴᠢᠭᠡᠴᠢ ᠫᠷᠠᠳ᠋ᠢᠫ• ᠮᠦᠩᠭ᠋᠎ᠠ᠂ ᠲᠤᠮᠳᠠᠳᠤ ᠤᠯᠤᠰ ᠤᠨ ᠡᠯᠡᠰᠦ ᠶᠢ ᠵᠠᠰᠠᠨ ᠰᠡᠷᠬᠡᠶᠢᠯᠡᠬᠦ ᠠᠵᠢᠯ ᠦᠩᠬᠡᠷᠡᠭᠰᠡᠨ 20 ᠵᠢᠯ ᠳᠤ ᠶᠡᠬᠡ ᠠᠬᠢᠴᠠ ᠲᠠᠢ᠂ ᠴᠦᠯᠵᠢᠯ ᠤᠨ ᠬᠠᠨᠳᠤᠰᠢ ᠶᠢ ᠨᠢᠭᠡᠨᠲᠡ ᠬᠤᠪᠢᠷᠠᠭᠤᠯᠵᠠᠢ᠂ ᠵᠢᠱᠢᠶᠡᠯᠡᠪᠡᠯ ᠬᠦᠪᠴᠢ ᠶᠢᠨ ᠡᠯᠡᠰᠦᠨ ᠴᠦᠯ ᠤᠨ ᠬᠦᠨ ᠳ᠋ᠡᠬᠢ ᠨᠤᠭᠤᠭᠠᠨ ᠪᠦᠷᠢᠳᠤ ᠡᠴᠡ ᠵᠠᠰᠠᠭ ᠤᠨ ᠤᠷᠳᠤᠨ᠂ ᠢᠷᠭᠡᠳ ᠪᠤᠯᠤᠨ ᠠᠵᠤ ᠠᠬᠤᠶᠢᠯᠠᠯ ᠤᠳ ᠡᠨᠡ ᠲᠠᠯ᠎ᠠ ᠪᠡᠷ ᠪᠦᠷ ᠶᠡᠬᠡ ᠴᠢᠷᠮᠠᠶᠢᠯᠭ᠎ᠠ ᠭᠠᠷᠭᠠᠭᠰᠠᠨ ᠢ ᠮᠡᠳᠡᠵᠦ ᠪᠤᠯᠤᠨ᠎ᠠ ᠬᠡᠵᠡᠢ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121648736