蒙古文网站Logo
ᠰᠢᠨᠬᠤᠸᠠ ᠮᠤᠩᠭ᠋ᠤᠯ ᠨᠧᠲ

ᠬᠤᠷᠢᠨ ᠲᠤᠯᠤᠳᠤᠭᠠᠷ ᠬᠤᠭᠤᠴᠠᠭᠠᠨ ᠤ ᠲᠤᠮᠳᠠᠳᠤ ᠤᠯᠤᠰ  ᠤᠨ ᠬᠡᠪᠯᠡᠯ ᠮᠡᠳᠡᠭᠡᠯᠡᠯ ᠤᠨ ᠱᠠᠩᠨᠠᠯ ᠤᠨ ᠳ᠋ᠦᠩ ᠢ ᠵᠠᠷᠯᠠᠪᠠ

2017-09-12 16:24

    2017 ᠤᠨ ᠤ 8 ᠰᠠᠷ᠎ᠠ ᠰᠠᠷ᠎ᠠ ᠶᠢᠨ 22 ᠤᠨ ᠡᠳᠤᠷ ᠡᠴᠡ 27 ᠤ ᠡᠳᠤᠷ ᠪᠤᠯᠳᠠᠯ᠎ᠠ᠂ ᠤᠯᠤᠰ ᠲᠠᠶᠠᠭᠠᠷ ᠤᠨ ᠬᠡᠪᠯᠡᠯ ᠮᠡᠳᠡᠬᠡᠯᠡᠯ ᠤᠨ ᠠᠵᠢᠯᠳᠠᠨ ᠤ ᠨᠡᠶᠢᠬᠡᠮᠯᠢᠭ᠌ (ᠲᠤᠮᠳᠠᠳᠤ ᠤᠯᠤᠰ ᠤᠨ ᠰᠡᠳᠬᠦᠯᠴᠢᠳ ᠤᠨ ᠨᠡᠶᠢᠬᠡᠮᠯᠢᠭ᠌᠌ ᠬᠡᠵᠤ ᠲᠤᠪᠴᠢᠯᠠᠶ᠎ᠠ) ᠡᠴᠡ ᠰᠠᠨᠠᠭᠠᠴᠢᠯᠠᠨ ᠡᠷᠬᠢᠯᠡᠭᠰᠡᠨ ᠬᠤᠷᠢᠨ ᠲᠤᠯᠤᠳᠤᠭᠠᠷ ᠬᠤᠭᠤᠴᠠᠭᠠᠨ ᠤ ᠲᠤᠮᠳᠠᠳᠤ ᠤᠯᠤᠰ ᠤᠨ ᠬᠡᠪᠯᠡᠯ ᠮᠡᠳᠡᠬᠡᠯᠡᠯ ᠤᠨ ᠱᠠᠩᠨᠠᠯ ᠤᠨ ᠳ᠋ᠦᠩ ᠢ ᠬᠢᠨᠠᠨ ᠰᠢᠯᠭᠠᠷᠠᠭᠤᠯᠬᠤ ᠬᠤᠷᠠᠯ ᠪᠡᠭᠡᠵᠢᠩ ᠳᠤ ᠵᠤᠬᠢᠶᠠᠨ ᠪᠠᠶᠢᠭᠤᠯᠤᠭᠳᠠᠪᠠ᠃ ᠬᠤᠷᠠᠯ ᠢᠶᠡᠷ ᠰᠤᠩᠭ᠋ᠤᠨ ᠰᠢᠯᠭᠠᠷᠠᠭᠤᠯᠤᠬᠰᠠᠨ ᠲᠤᠮᠳᠠᠳᠤ ᠤᠯᠤᠰ ᠤᠨ ᠬᠡᠪᠯᠡᠯ ᠮᠡᠳᠡᠬᠡᠯᠡᠯ ᠤᠨ 300 ᠪᠦᠲᠦᠬᠡᠯ ᠱᠠᠩᠨᠠᠯ ᠲᠤᠰᠴᠤ᠂ ᠤᠨᠴᠠ ᠱᠠᠩᠨᠠᠯ ᠳᠤ 4 ᠪᠦᠳᠦᠭᠡᠯ᠂ ᠨᠢᠬᠡᠳᠤᠭᠡᠷ ᠲᠡᠰ ᠲᠤ 52 ᠪᠦᠲᠦᠬᠡᠯ᠂ ᠬᠤᠶᠠᠳᠤᠭᠠᠷ ᠲᠡᠰ ᠲᠤ 92 ᠪᠦᠲᠦᠬᠡᠯ᠂ ᠭᠤᠷᠪᠠᠳᠤᠭᠠᠷ ᠲᠡᠰ ᠲᠤ 152 ᠪᠦᠲᠦᠭᠡᠯ ᠲᠤᠰ ᠲᠤᠰ ᠲᠤᠳᠤᠷᠠᠭᠰᠠᠨ ᠪᠠᠶᠢᠨ᠎ᠠ᠃

    《 ᠲᠤᠮᠳᠠᠳᠤ ᠤᠯᠤᠰ ᠤᠨ ᠬᠡᠪᠯᠡᠯ ᠮᠡᠳᠡᠬᠡᠯᠡᠯ ᠤᠨ ᠱᠠᠩᠨᠠᠯ ᠰᠢᠯᠭᠠᠷᠠᠭᠤᠯᠬᠤ ᠠᠷᠭ᠎ᠠ ᠬᠡᠮᠵᠢᠶ᠎ᠡ》 ᠶᠢ ᠦᠨᠳᠦᠰᠦᠯᠡᠪᠡᠯ᠂ ᠲᠤᠰ ᠬᠤᠭᠤᠴᠠᠭᠠᠨ ᠤ ᠱᠠᠩᠨᠠᠯ ᠤᠯᠤᠬᠰᠠᠨ ᠪᠦᠲᠦᠬᠡᠯ ᠂ 《 ᠬᠢᠨᠠᠨ ᠰᠢᠯᠭᠠᠷᠠᠭᠤᠯᠬᠤ ᠲᠦᠷᠢᠮ》 ᠪᠠ ᠬᠢᠨᠠᠭᠴᠢ ᠶᠢᠨ ᠨᠡᠷᠡᠰ ᠢ ᠰᠢᠨᠬᠤᠸᠠ ᠨᠧᠲ᠂ ᠲᠤᠮᠳᠠᠳᠤ ᠤᠯᠤᠰ ᠤᠨ ᠰᠡᠳᠬᠦᠯᠴᠢᠳ ᠤᠨ ᠨᠡᠶᠢᠬᠡᠮᠯᠢᠭ᠌᠌ ᠤᠨ ᠨᠧᠲ ᠪᠤᠯᠤᠨ ᠲᠤᠮᠳᠠᠳᠤ ᠤᠯᠤᠰ ᠤᠨ ᠬᠡᠪᠯᠡᠯ ᠮᠡᠳᠡᠬᠡᠯᠡᠯ ᠷᠠᠳᠢᠣ᠋ ᠲᠧᠯᠧᠶ᠋ᠰ ᠰᠤᠨᠢᠨ》 ᠵᠡᠷᠬᠡ ᠳᠤ ᠵᠠᠷᠯᠠᠵᠤ᠂ ᠨᠡᠶᠢᠬᠡᠮ ᠤᠨ ᠡᠯ᠎ᠡ ᠡᠳᠡᠭᠡᠳ ᠤᠨ ᠬᠢᠨᠠᠯᠳᠠ ᠪᠤᠯᠤᠨ ᠦᠨᠡᠯᠡᠭᠡ ᠢᠢ ᠬᠦᠯᠢᠶᠡᠨ᠎ᠡ᠃

    2017 ᠤᠨ ᠤ 9 ᠰᠠᠷ᠎᠎ᠠ ᠶᠢᠨ 12 ᠤᠨ ᠡᠳᠤᠷ ᠤᠨ 12᠄12 ᠴᠠᠭ ᠡᠴᠡ 9 ᠰᠠᠷ᠎ ᠠ ᠶᠢᠨ 26  ᠤ ᠡᠳᠤᠷ ᠤᠨ 12᠄00 ᠴᠠᠭ ᠪᠤᠯᠳᠠᠯ᠎ᠠ ᠢᠯᠡ ᠵᠠᠷᠯᠠᠨ᠎ᠠ᠃ ᠵᠠᠷᠯᠠᠯ ᠤᠨ ᠬᠤᠭᠤᠴᠠᠭᠠᠨ ᠳᠤ᠂ ᠨᠡᠶᠢᠬᠡᠮ ᠤᠨ ᠡᠯ᠎ᠡ ᠡᠳᠡᠭᠡᠳ ᠭᠠᠷ ᠤᠳᠠᠰᠤ᠂ ᠹᠠᠺᠰ᠂ ᠵᠠᠬᠢᠳᠠᠯ ᠪᠤᠶᠤ ᠢᠮᠧᠯ ᠵᠡᠷᠬᠡ  ᠪᠡᠷ ᠰᠠᠨᠠᠯ ᠢᠶᠡᠨ ᠢᠯᠡᠭᠡᠵᠤ ᠪᠤᠯᠤᠨ᠎ᠠ᠃ ᠲᠤᠮᠳᠠᠳᠤ ᠤᠯᠤᠰ ᠤᠨ ᠰᠡᠳᠬᠦᠯᠴᠢᠳ ᠤᠨ ᠨᠡᠶᠢᠬᠡᠮᠯᠢᠭ᠌ ᠤᠨ ᠠᠯᠪᠠᠨ ᠡᠴᠡ ᠨᠠᠷᠢᠨ ᠬᠢᠨᠠᠮᠠᠭᠠᠢ ᠰᠢᠶ᠋ᠳᠪᠦᠷᠢᠯᠡᠵᠤ 《 ᠬᠢᠨᠠᠨ ᠰᠢᠯᠭᠠᠷᠠᠭᠤᠯᠬᠤ ᠠᠷᠭ᠎ᠠ ᠬᠡᠮᠵᠢᠶ᠎ᠡ 》 ᠪᠡᠷ ᠢᠯᠡᠴᠢᠯᠡᠨ ᠮᠡᠳᠡᠬᠦᠯᠤᠯᠳᠠ ᠶᠢ ᠬᠢᠨᠠᠨ ᠬᠠᠷᠭᠤᠭᠤᠯᠵᠦ ᠂ ᠰᠢᠢᠳᠪᠦᠷᠢᠯᠡᠬᠦ ᠰᠠᠨᠠᠯ  ᠶᠢᠡᠨ ᠬᠢᠨᠠᠨ ᠰᠢᠯᠭᠠᠷᠠᠭᠤᠯᠬᠤ ᠵᠦᠪᠯᠡᠯ ᠤᠨ ᠡᠷᠬᠢᠯᠡᠭᠴᠢ ᠶᠢᠨ ᠬᠤᠷᠠᠯ ᠳᠤ ᠮᠡᠳᠡᠬᠦᠯᠵᠤ ᠰᠢᠶ᠋ᠳᠪᠦᠷᠢ ᠭᠠᠷᠭᠠᠯᠭᠠᠨ᠎ᠠ᠃

    ᠬᠠᠷᠢᠯᠴᠠᠬᠤ ᠤᠳᠠᠰᠤ᠄010-61002762

    ᠢᠮᠧᠯ᠄ 5826@vip.163.com

    ᠬᠠᠶ‍ᠢᠭ᠄ ᠪᠡᠭᠡᠵᠢᠩ ᠬᠤᠳᠠ ᠶᠢᠨ ᠵᠡᠬᠦᠨ ᠬᠤᠳᠠ ᠲᠤᠭᠤᠷᠢᠭ ᠤᠨ ᠵᠦ ᠱᠢ ᠺᠧᠤ ᠶᠢᠨ ᠵᠡᠬᠦᠨ ᠶᠡᠬᠡ ᠵᠡᠬᠡᠯᠡᠢ ᠶᠢᠨ 7 ᠨᠤᠮᠧᠷ

    ᠰᠢᠤᠳᠠᠨ ᠤ ᠳ᠋ᠤᠭᠠᠷ᠄ 100062

ᠨᠠᠷᠢᠨ ᠪᠠᠶᠢᠳᠠᠯ ᠢ ᠲᠤᠤᠷᠠᠬᠢ ᠬᠠᠶ‍ᠢᠭ ᠡᠴᠡ

http://www.xinhuanet.com/zgjx/jiang/2017cn_news_award_report/index.htm 

ᠢᠷᠡᠯᠳᠡ᠄ ᠲᠤᠮᠳᠠᠳᠤ ᠤᠯᠤᠰ ᠤᠨ ᠰᠡᠳᠬᠦᠯᠴᠢᠳ ᠤᠨ ᠨᠡᠶᠢᠬᠡᠮᠯᠢᠭ᠌᠌ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120691121650771