蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠡᠸᠦ᠋ᠷᠦᠫᠠ ᠢᠢ ᠬᠤᠯᠪᠤᠭᠰᠠᠨ ᠮᠠᠨ ᠤ ᠤᠯᠤᠰ ᠤᠨ 5000 ᠳ᠋ᠤᠭᠠᠷ ᠭᠠᠯᠲᠤ ᠲᠡᠷᠭᠡ ᠡᠷᠢᠶᠠᠨ ᠬᠤᠲᠠ ᠶᠢᠨ ᠪᠤᠭᠤᠮᠲᠠ ᠪᠡᠷ ᠬᠢᠯᠢ ᠳᠠᠪᠠᠪᠠ

2017-09-13 11:49

    9 ᠰᠠᠷ᠎ᠠ᠎ ᠶᠢᠨ 12 ᠤᠨ ᠡᠳᠦᠷ᠂ ᠰᠤᠷᠪᠤᠯᠵᠢᠯᠠᠭᠴᠢ ᠡᠷᠢᠶᠡᠨ ᠬᠤᠲᠠ ᠶᠢᠨ ᠵᠠᠰᠠᠭ ᠤᠨ ᠤᠷᠳᠤᠨ ᠡᠴᠡ ᠤᠶᠢᠯᠠᠭᠠᠭᠰᠠᠨ ᠢᠶᠡᠷ᠂ ᠲᠦᠷᠦᠭᠦᠬᠡᠨ ᠵᠸᠩᠵᠸᠤ ᠡᠴᠡ ᠭ᠍ᠸᠷᠮᠠᠨ ᠤ ᠬᠠᠮᠪᠦ᠋ᠷᠡᠭ ᠲᠤ ᠬᠦᠷᠬᠦ ᠨᠢᠭᠡᠨ ᠴᠤᠪᠤᠭ᠎ᠠ ᠳᠤᠮᠳᠠᠳᠤ ᠡᠸᠦ᠋ᠷᠦᠫᠠ ᠢᠢ ᠬᠤᠯᠪᠤᠭᠰᠠᠨ ᠭᠠᠯᠲᠤ ᠲᠡᠷᠭᠡ ᠡᠷᠢᠶᠠᠨ ᠬᠤᠲᠠ ᠶᠢᠨ ᠪᠤᠭᠤᠮᠲᠠ ᠪᠡᠷ ᠬᠢᠯᠢ ᠳᠠᠪᠠᠪᠠ᠂ ᠡᠨᠡ ᠨᠢ ᠮᠠᠨ ᠤ ᠤᠯᠤᠰ ᠤᠨ ᠳᠤᠮᠳᠠᠳᠤ ᠡᠸᠦ᠋ᠷᠦᠫᠠ ᠢᠢ ᠬᠤᠯᠪᠤᠭᠰᠠᠨ5000 ᠳ᠋ᠤᠭᠠᠷ ᠭᠠᠯᠲᠤ ᠲᠡᠷᠭᠡ ᠪᠤᠯᠤᠨ᠎ᠠ᠃

    ᠤᠶᠢᠯᠠᠭᠠᠭᠰᠠᠨ ᠢᠶᠡᠷ᠂ ᠡᠷᠢᠶᠠᠨ ᠬᠤᠲᠠ ᠶᠢᠨ ᠪᠤᠭᠤᠮᠲᠠ ᠮᠣᠩᠭᠣᠯ ᠤᠯᠤᠰ ᠤᠨ ᠵᠠᠮ ᠤᠨ ᠡᠭᠦᠳᠡ ᠪᠤᠭᠤᠮᠲᠠ ᠲᠠᠢ ᠨᠢᠭᠤᠷᠯᠠᠵᠤ᠂ ᠦᠪᠦᠷ ᠮᠣᠩᠭᠣᠯ ᠵᠢᠴᠢ ᠤᠯᠤᠰ ᠳᠠᠶᠠᠭᠠᠷ ᠤᠨ ᠮᠣᠩᠭᠣᠯ ᠤᠯᠤᠰ ᠲᠤ ᠨᠡᠪᠲᠡᠷᠡᠬᠦ ᠴᠤᠷᠢ ᠶᠢᠨ ᠭᠠᠭᠴᠠ ᠲᠡᠮᠦᠷ ᠵᠠᠮ ᠤᠨ ᠪᠤᠭᠤᠮᠲᠠ ᠮᠦᠨ᠂ ᠪᠠᠰᠠ ᠴᠤ ᠡᠸᠦ᠋ᠷᠦᠫᠠ ᠠᠽᠢᠶ ᠠ ᠶᠢᠨ ᠡᠬᠡ ᠬᠠᠭᠤᠷᠠᠢ ᠶᠢᠨ ᠴᠢᠬᠤᠯᠠ ᠪᠠᠶᠢᠯᠳᠤᠬᠤ ᠪᠤᠳᠤᠯᠭ᠎ᠠ ᠶᠢᠨ ᠴᠡᠭ᠌ ᠪᠤᠯᠤᠨ᠎ᠠ᠃ ᠦᠪᠡᠷᠮᠢᠴᠡ ᠭᠠᠵᠠᠷ ᠵᠦᠢ ᠶᠢᠨ ᠳᠠᠪᠠᠭᠤᠯᠢᠭ ᠲᠤ ᠰᠠᠭᠤᠷᠢᠯᠠᠨ ᠤᠳᠤᠬᠠᠨ ᠳᠤ ᠡᠷᠢᠶᠡᠨ ᠬᠤᠲᠠ ᠶᠢᠨ ᠪᠤᠭᠤᠮᠲᠠ ᠪᠡᠷ ᠬᠢᠯᠢ ᠳᠠᠮᠨᠠᠬᠤ ᠳᠤᠮᠳᠠᠳᠤ ᠡᠸᠦ᠋ᠷᠦᠫᠠ ᠢᠢ ᠬᠤᠯᠪᠤᠭᠰᠠᠨ ᠭᠠᠯᠲᠤ ᠲᠡᠷᠭᠡ ᠤᠯᠠᠮ ᠡᠴᠡ ᠤᠯᠠᠮ ᠠᠷᠪᠢᠳᠴᠤ᠂ ᠬᠢᠯᠢ ᠳᠠᠮᠨᠠᠬᠤ ᠪᠠᠷᠠᠭ᠎ᠠ᠎ ᠲᠠᠸᠠᠷ ᠤᠨ ᠲᠦᠷᠦᠯ ᠵᠦᠢᠯ ᠴᠤ ᠨᠡᠮᠡᠭᠳᠡᠵᠠᠢ᠃ ᠤᠳᠤ ᠪᠤᠯᠲᠠᠯ᠎ᠠ᠂ ᠵᠸᠩᠵᠸᠤ ᠡᠸᠦ᠋ᠷᠦᠫᠠ ᠢᠢ ᠬᠤᠯᠪᠤᠬᠤ᠂ ᠴᠦ᠋ᠩᠴᠢᠩ ᠡᠸᠦ᠋ᠷᠦᠫᠠ ᠢᠢ ᠬᠤᠯᠪᠤᠬᠤ᠂ ᠬᠤᠨᠠᠨ ᠡᠸᠦ᠋ᠷᠦᠫᠠ ᠢᠢ ᠬᠤᠯᠪᠤᠬᠤ᠂ ᠲᠢᠶᠠᠨᠵᠢᠨ ᠡᠸᠦ᠋ᠷᠦᠫᠠ ᠢᠢ ᠬᠤᠯᠪᠤᠬᠤ 13 ᠵᠤᠷᠪᠤᠰ ᠳᠤᠮᠳᠠᠳᠤ ᠡᠸᠦ᠋ᠷᠦᠫᠠ ᠢᠢ ᠬᠤᠯᠪᠤᠭᠰᠠᠨ ᠭᠠᠯᠲᠤ ᠲᠡᠷᠭᠡᠨ ᠤ ᠱᠤᠭᠤᠮ ᠡᠨᠡᠬᠦ ᠪᠤᠭᠤᠮᠲᠠ ᠪᠡᠷ ᠬᠢᠯᠢ ᠳᠠᠮᠨᠠᠵᠤ ᠪᠤᠢ᠃ ( ᠰᠤᠷᠪᠤᠯᠵᠢᠯᠠᠭᠴᠢ ᠯᠢᠶᠠᠩ ᠯᠢᠶᠠᠩ)

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121656170