蒙古文网站Logo
ᠰᠢᠨᠬᠤᠸᠠ ᠮᠤᠩᠭ᠋ᠤᠯ ᠨᠧᠲ

ᠴᠡᠭᠡ ᠱᠣᠣᠬᠢᠭᠰᠠᠨ ᠲᠡᠨᠵᠢ ᠴᠡᠩᠭᠡᠯ ᠪᠢᠯᠬᠠᠭᠰᠠᠨ ᠠᠶᠢᠯ

2017-09-26 13:00

    ᠰᠢᠨᠬᠤᠧᠠ ᠮᠤᠩᠭᠤᠯ ᠨᠧᠲ   ᠬᠦᠬᠡᠬᠤᠳᠠ ᠶᠢᠨ 9 ᠰᠠᠷ᠎ᠠ ᠶᠢᠨ 26 ᠤ ᠡᠳᠦᠷ ᠤᠨ ᠴᠠᠬᠢᠯᠭᠠᠨ ᠮᠡᠳᠡᠬᠡ   ᠡᠪᠡᠰᠣ ᠲᠠᠷᠢᠶ᠎ᠠ ᠦᠷᠡᠯᠡᠨ ᠪᠣᠯᠪᠠᠰᠣᠷᠠᠵᠣ ᠡᠯᠪᠡᠭ ᠨᠠᠮᠣᠷ ᠡᠬᠦᠳᠡᠨ ᠳ᠋ᠥ ᠰᠠᠭᠠᠳᠠᠭᠠᠳ᠂ ᠠᠳᠣᠭᠣ ᠮᠠᠯ ᠲᠣᠰᠣᠨ ᠲᠠᠷᠭᠣ ᠠᠪᠴᠣ᠂ ᠠᠶᠢᠷᠠᠭ ᠲᠠᠷᠠᠭ ᠬᠦᠭᠡᠰᠦᠷᠡᠨ ᠰᠡᠩᠬᠢᠨᠡᠭᠰᠡᠨ ᠡᠬᠦᠯᠨ ᠨᠢᠮᠭᠡᠨ ᠣᠭᠳᠠᠷᠭᠣᠢ ᠬᠦᠨ ᠨᠠᠯᠠᠭᠠᠷ ᠰᠠᠶᠢᠬᠠᠨ ᠡᠳᠦᠷ᠂ ᠰᠣᠷᠪᠣᠯᠵᠢᠯᠠᠭᠴᠢ ᠮᠢᠷᠠᠯᠵᠠᠨ ᠲᠣᠯᠬᠢᠶᠠᠯᠠᠬᠣ ᠰᠢᠷᠠᠮᠦ᠋ᠷᠡᠨ ‍ᠤ ᠠᠷᠣ ᠲᠡᠨᠵᠢ ᠳ᠋ᠥ ᠪᠠᠶᠢᠷᠢᠯᠠᠭ᠎ᠠ ᠠᠳᠣᠭᠣ ᠮᠠᠯ ‍ᠢᠶ᠋ᠡᠨ ᠦᠰᠭᠡᠭᠡᠳ ᠠᠶᠢᠷᠠᠭ ᠴᠡᠭᠡ ᠪᠡᠨ ᠨᠡᠷᠡᠵᠣ ᠱᠣᠣᠬᠢᠭᠣᠯᠣᠭᠰᠠᠨ ᠦᠪᠦᠷ ᠮᠤᠩᠭᠤᠯ ᠤᠨ ᠪᠠᠭᠠᠷᠢᠨ ᠪᠠᠷᠠᠭᠣᠨ ᠬᠣᠰᠢᠭᠣᠨ ‍ᠤ ᠴᠠᠭᠠᠨᠨᠠᠭᠣᠷ ᠪᠠᠯᠭᠠᠰᠣ ᠶ᠋ᠢᠨ ᠪᠠᠶᠠᠨᠬᠣᠰᠢᠭᠣ ᠲᠣᠭᠣᠶᠢᠯᠠᠩ ‍ᠤᠨ ᠠᠳᠣᠭᠣᠴᠢᠨ ᠠᠮᠣᠷᠵᠢᠷᠭᠠᠯ ‍ᠤᠨ ᠣᠳᠣᠷ ᠲᠤ ᠰᠠᠭᠠᠳᠠᠵᠣ ᠴᠡᠭᠡ ᠵᠠᠯᠬᠢᠯᠠᠵᠣ ᠵᠣᠭᠣᠭ ᠬᠦᠣᠷᠨᠢᠵᠣ ᠪᠢᠯᠨ᠃

ᠠᠮᠣᠷᠵᠢᠷᠭᠠᠯ ‍ᠤᠨ ᠬᠢᠨ

    ᠮᠣᠩᠭᠣᠯ ᠨᠣᠳᠣᠭ ᠢᠶᠡᠨ ᠴᠢᠮᠡᠵᠣ ᠮᠠᠯᠴᠢᠨ ᠠᠷᠠᠳ ᠲᠠᠭᠠᠨ ᠨᠦᠮᠦᠷᠢ ᠪᠣᠯᠣᠭᠰᠠᠨ ᠮᠠᠩᠬᠠᠨ ᠬᠠᠶᠢᠯᠠᠰᠣᠨ ᠣᠢ ᠶ᠋ᠢᠨ ᠲᠣᠮᠳᠡ᠂ ᠪᠠᠷᠠᠳᠣ ᠶ᠋ᠢᠨ ᠠᠭᠣᠯᠨ ᠪᠡᠨ ᠲᠦᠰᠢᠵᠣ᠂ ᠰᠢᠷᠠᠮᠦ᠋ᠷᠡᠨ ᠭᠣᠣᠯ ᠢᠶᠡᠨ ᠢᠰᠬᠦᠯᠵᠣ ᠲᠡᠨᠢᠬᠦᠭᠡᠨ ᠰᠠᠭᠣᠷᠢᠰᠢᠬᠰᠠᠨ ᠣᠯᠠᠭᠠᠨ ᠸᠠᠭᠠᠷᠤᠨ ᠪᠠᠶᠢᠰᠢᠩ᠂ ᠲᠣᠭᠣᠰᠬᠠᠨ ᠬᠦᠷᠢᠶ᠎ᠡ ᠪᠡᠨ ᠵᠠᠯᠭᠠᠨ ᠬᠦᠭᠡ ᠣᠷᠣᠢ ᠲᠠᠢ ᠬᠠᠰᠢᠶ᠎ᠠ ᠰᠠᠷᠠᠪᠴᠢ ᠵᠢᠭᠳᠡᠷᠡᠭᠦᠯᠦᠭᠰᠡᠨ ᠡᠨᠡ ᠠᠶᠢᠯ ‍ᠤᠨ ᠬᠢᠨ ᠡᠬᠦᠳᠡᠨ ᠳ᠋ᠡᠭᠡᠨ ᠠᠷᠪᠠᠭᠠᠳ ᠭᠡᠬᠦᠦ ᠣᠶᠠᠵᠣ᠂ ᠭᠡᠷ ‍ᠤᠨ ᠡᠵᠡᠨ ᠠᠮᠣᠷᠵᠢᠷᠭᠠᠯ ᠨᠢ ᠭᠡᠭᠦᠦ ᠴᠣᠮᠣᠵᠣ᠂ ᠭᠡᠷᠭᠡᠢ ᠰᠡᠴᠡᠩᠭᠡᠷᠡᠯ ᠨᠢ ᠭᠡᠬᠦᠦ ᠰᠠᠭᠠᠵᠣ ᠶᠠᠭᠠᠷᠠᠨ᠎ᠠ᠃

    ᠭᠡᠳᠦᠶᠢᠪᠡᠷ ᠪᠢᠳᠡ《ᠣᠨᠠᠭᠰᠠᠨ ᠮᠠᠯᠠᠭᠠᠢ ᠠᠪᠬᠣ ᠵᠠᠪ ᠦᠬᠡᠢ᠂ ᠠᠭᠣᠯᠵᠠᠭᠰᠠᠨ ᠬᠦᠮᠦᠨ ᠲᠠᠢ ᠭᠡᠯᠡᠯᠴᠡᠬᠦ ᠵᠠᠪ ᠦᠬᠡᠢ》ᠬᠣᠯᠣᠰᠣ ᠪᠡᠷ ᠬᠦᠮᠦᠨ ᠬᠢᠮᠡᠷ ᠶᠠᠭᠠᠷᠠᠯᠳᠠᠢ ᠴᠠᠭ ᠲᠤ ᠬᠦᠷᠦᠭᠰᠡᠨ ᠪᠣᠯᠪᠠᠴᠣ᠂ ᠲᠡᠳᠡᠨᠡᠶᠢᠭᠡᠨ ᠰᠢᠷᠠᠮᠦ᠋ᠷᠡᠨ ‍ᠤ ᠰᠢᠨᠠ ᠳ᠋ᠥ ᠡᠪᠡᠰᠣ ᠬᠠᠳᠣᠬᠣ ᠪᠡᠷ ᠭᠠᠷᠬᠣ ᠭᠡᠵᠣ ᠪᠡᠯᠡᠳᠭᠡᠵᠣ ᠲᠠᠯᠪᠢᠭᠰᠠᠨ ᠮᠠᠰᠢᠨ ᠢᠶᠡᠨ ᠣᠷᠬᠢᠵᠣ ᠮᠠᠨᠣᠰ ‍ᠢ ᠭᠡᠷ ᠲᠡᠭᠡᠨ ᠣᠷᠢᠨ᠂ ᠣᠮᠳᠠᠭᠠᠨ ‍ᠤ ᠲᠡᠭᠡᠵᠢ ᠴᠡᠭᠡ ᠪᠡᠨ ᠠᠶᠠᠭᠠᠯᠠᠵᠣ ᠪᠢᠯᠨ᠃ ᠮᠠᠯᠵᠢᠬᠣ ᠣᠷᠣᠨ ᠳ᠋ᠥ ᠠᠳᠣᠭᠣ ᠴᠦᠭᠡᠷᠡᠵᠣ ᠡᠯᠵᠢᠭᠡ ᠶ᠋ᠢᠨ ᠲᠣᠭᠠᠨ ᠳ᠋ᠥ ᠴᠦ ᠬᠦᠷᠬᠦ ᠦᠬᠡᠢ ᠪᠣᠯᠣᠭᠰᠠᠨ ᠪᠣᠯᠪᠠᠴᠣ᠂ ᠣᠳᠣᠮ ᠲᠠᠮᠵᠢᠨ ᠪᠦᠭᠡ ᠮᠣᠷᠢᠨ ᠳ᠋ᠥ ᠪᠠᠬᠠᠳᠠᠢ ᠠᠮᠣᠷᠵᠢᠷᠭᠠᠯ ‍ᠤᠨ ᠬᠢᠨ ᠶᠡᠷᠦᠨᠢ ᠠᠳᠣᠭᠣ ᠠᠷᠠᠴᠢᠯᠠᠬᠣ ᠪᠡᠨ ᠬᠠᠶᠠᠭᠰᠠᠨ ᠦᠬᠡᠢ ᠶᠣᠮ᠃ ᠦᠢᠷ᠎ᠡ ᠶ᠋ᠢᠨ ᠵᠢᠯ ᠳ᠋ᠥ ᠬᠠᠷᠢ ᠬᠣᠰᠢᠭᠣ ᠠᠶᠢᠮᠠᠭ ᠢᠶᠡᠷ ᠭᠡᠬᠦᠦ ᠰᠠᠭᠠᠵᠣ ᠴᠡᠭᠡ ᠢᠰᠬᠡᠬᠦ ᠬᠠᠯᠠᠭᠣᠨ ᠴᠢᠮᠡᠭᠡ ᠦᠶ᠎ᠡ ᠦᠶ᠎ᠡ ᠲᠣᠭᠣᠯᠳᠠᠬᠣ ᠪᠡᠷ᠂ ᠭᠣᠴᠢᠭᠠᠳ ᠠᠳᠣᠭᠣ ᠲᠠᠢ ᠡᠳᠡᠨᠠᠶᠢᠬᠢᠨ᠂ ᠡᠨᠡ ᠵᠣᠨ ᠰᠢᠯᠢ ᠶ᠋ᠢᠨ ᠭᠣᠣᠯ ᠠᠶᠢᠮᠠᠭ ‍ᠤᠨ ᠴᠡᠭᠡ ᠢᠰᠬᠡᠵᠤ ᠪᠠᠶᠢᠭ᠎ᠠ ᠡᠷᠦᠭᠡ ᠪᠣᠶᠣ ᠬᠣᠷᠰᠢᠶᠠᠵᠢᠯ ᠢᠶᠡᠷ ᠬᠦᠷᠴᠣ ᠨᠣᠮ ᠵᠠᠯᠠᠵᠣ ᠬᠦᠷᠦᠩᠭᠡ ᠵᠢᠭᠡᠯᠡᠭᠰᠡᠨ ᠪᠠᠶᠢᠵᠠᠢ᠃ ᠰᠠᠭᠠᠯᠢᠴᠢᠨ ᠰᠡᠴᠡᠩᠭᠡᠷᠡᠯ ‍ᠤᠨ ᠭᠡᠯᠡᠬᠦ ᠪᠡᠷ᠂ ᠠᠷᠪᠠᠭᠠᠳ ᠭᠡᠬᠦᠦ ᠡᠴᠡ ᠨᠢᠭᠡ ᠡᠳᠦᠷ ᠲᠤ ᠲᠠᠪᠢᠭᠠᠳ ᠵᠢᠩ ᠰᠦ᠋ ᠰᠠᠭᠠᠵᠣ ᠴᠡᠭᠡ ᠢᠰᠭᠡᠵᠣ ᠪᠠᠶᠢᠨ᠎ᠠ᠃ ᠰᠠᠶᠢᠬᠠᠨ ᠡᠬᠢᠯᠡᠵᠣ ᠪᠠᠶᠢᠭ᠎ᠠ ᠪᠣᠯᠬᠣᠷ ᠠᠶᠢᠯ ᠰᠠᠭᠠᠬᠠᠯᠳᠡ ᠶ᠋ᠢᠨ ᠬᠢᠨ ᠰᠣᠨᠢᠷᠬᠠᠨ ᠢᠷᠡᠵᠣ ᠠᠮᠰᠠᠵᠣ ᠬᠦᠷᠳᠡᠨ᠂ ᠬᠣᠯᠨ ᠶ᠋ᠢᠨ ᠵᠣᠷᠴᠢᠭᠰᠠᠳ ᠴᠦ ᠵᠣᠷᠢᠵᠣ ᠢᠷᠡᠭᠡᠳ ᠦᠩᠭᠡ᠂ ᠦᠨᠦᠷ ᠠᠮᠳᠡ ᠨᠢ ᠶᠣᠰᠣᠳᠠᠢ ᠰᠠᠶᠢᠬᠠᠨ ᠪᠠᠶᠢᠨ᠎ᠠ ᠯᠨ ᠭᠡᠬᠦ ᠶᠣᠮ᠃

ᠬᠡᠬᠦᠦ ᠪᠡᠨ ᠰᠠᠭᠠᠯ᠎ᠠ

    ᠠᠮᠣᠷᠵᠢᠷᠭᠠᠯ᠂ ᠰᠡᠴᠡᠩᠭᠡᠷᠡᠯ ᠡᠴᠠ ᠬᠣᠶᠠᠷ ᠬᠦᠦ ᠲᠠᠢ᠂ ᠶᠡᠭᠡ ᠬᠦᠦ ᠨᠢ ᠬᠦᠭᠡᠬᠣᠳᠡ ᠳ᠋ᠥ ᠬᠣᠪᠢ ᠪᠡᠷ ᠢᠶᠡᠨ ᠠᠳᠠᠯ ᠡᠷᠬᠢᠯᠡᠵᠣ ᠠᠶᠢᠯ ᠭᠡᠷ ᠪᠠᠶᠢᠭᠣᠯᠣᠭᠠᠳ ᠬᠦᠮᠦᠨ ‍ᠤ ᠲᠠᠯᠠᠢ ᠳ᠋ᠥ ᠦᠪᠡᠷ ‍ᠤᠨ ᠦᠢᠯᠡᠰ ᠲᠠᠢ ᠬᠦᠰᠡᠯ ᠭᠦᠭᠡᠭᠡᠴᠡᠯᠳᠦᠯ ᠲᠠᠢ ᠠᠵᠣ ᠲᠦᠷᠦᠵᠣ ᠪᠠᠶᠢᠨ᠎ᠠ᠃ ᠪᠠᠭ᠎ᠠ ᠬᠦᠦ ᠨᠢ ᠪᠡᠭᠡᠵᠢᠩ ᠳ᠋ᠥ ᠣᠯᠣᠰ ‍ᠤᠨ ᠲᠡᠮᠣᠷ ᠵᠠᠮ ‍ᠤᠨ ᠺᠣᠮᠫᠠᠨᠢ ᠶ᠋ᠢᠨ ᠲᠠᠮᠢᠷ ‍ᠤᠨ ᠠᠩᠬᠢ ᠳ᠋ᠥ ᠴᠢᠯᠦᠭᠡᠳᠣ ᠪᠦᠬᠡ ᠶ᠋ᠢᠨ ᠲᠠᠮᠢᠷᠴᠢᠨ ᠢᠶᠡᠷ ᠠᠵᠢᠯᠯᠠᠨ᠂《ᠠᠽᠢᠶ᠎ᠠ ᠶ᠋ᠢᠨ ᠮᠠᠩᠯᠠᠢ ᠰᠢᠯᠭᠠᠷᠠᠭᠣᠯᠬᠣ ᠣᠷᠣᠯᠳᠣᠭᠠᠨ》‍ᠤ ᠬᠦᠷᠡᠯ ᠮᠧᠲᠠᠯ ‍ᠤᠨ ᠡᠵᠡᠨ ᠵᠡᠷᠭᠡ ᠰᠠᠶᠢᠬᠠᠨ ᠠᠯᠳᠠᠷ ᠱᠠᠩᠨᠠᠯ ᠲᠠᠢ ᠬᠡᠶᠢᠮᠣᠷᠢ ᠵᠢᠪᠬᠣᠭ᠎ᠠ ᠲᠠᠢ ᠬᠢᠯᠠᠷᠠᠭᠣᠯᠵᠣ ᠶᠠᠪᠣᠨ᠎ᠠ᠃ ᠲᠡᠭᠡᠷ᠎ᠡ ᠵᠠᠭᠣᠨ ‍ᠤ ᠨᠠᠶᠠᠭᠠᠳ ᠣᠨ ᠳ᠋ᠥ ᠰᠣᠮᠣ ᠶ᠋ᠢᠨ ᠠᠷᠠᠳ ‍ᠤᠨ ᠶᠡᠭᠡ ᠨᠠᠭᠠᠳᠣᠮ ᠳ᠋ᠠᠭᠠᠨ ᠲᠡᠷᠢᠬᠦᠨ ᠮᠠᠩᠯᠠᠢ ᠠᠪᠴᠣ ᠬᠣᠰᠢᠭᠣ ᠨᠣᠳᠣᠭ ᠲᠠᠭᠠᠨ ᠪᠦᠭᠡ ᠶ᠋ᠢᠨ ᠰᠠᠶᠢᠬᠠᠨ ᠠᠯᠳᠡᠷ ᠢᠶᠡᠨ ᠭᠠᠶᠢᠬᠠᠭᠣᠯᠵᠣ ᠶᠠᠪᠣᠭᠰᠠᠨ ᠠᠮᠣᠷᠵᠢᠭᠠᠯ ᠭᠣᠸᠠᠢ ᠲᠠᠢ ᠴᠡᠭᠡ ᠪᠠᠯᠭᠣᠵᠣ ᠵᠣᠭᠣᠭ ᠲᠡᠯᠭᠡᠵᠣ ᠰᠠᠭᠣᠬᠣ ᠳ᠋ᠥ᠂ ᠲᠡᠷᠨ᠄ ᠲᠠᠭᠠᠭᠠᠴᠢᠯᠠᠯᠳᠡ ᠶ᠋ᠢᠨ ᠲᠦᠷᠦ ᠶ᠋ᠢᠨ ᠪᠣᠳᠣᠯᠭ᠎ᠠ ᠡᠴᠠ ᠰᠡᠬᠦᠯᠡᠷ᠂ ᠲᠠᠶᠠᠭᠠᠷ ᠢᠶᠡᠨ ᠲᠠᠷᠢᠵᠣ ᠲᠡᠵᠢᠭᠡᠬᠦ ᠶ᠋ᠢ ᠣᠶᠠᠯᠳᠣᠭᠣᠯᠣᠨ ᠮᠠᠯ ᠲᠠᠷᠢᠶ᠎ᠠ ᠶ᠋ᠢ ᠵᠡᠷᠭᠡ ᠪᠡᠷ ᠬᠦᠭᠵᠢᠬᠦᠯᠬᠦ ᠭᠡᠳ ᠮᠠᠯ ᠢᠶᠡᠨ ᠬᠦᠩᠭᠡᠪᠴᠢᠯᠡᠵᠣ ᠠᠳᠣᠭᠣ ᠪᠡᠨ ᠪᠠᠰᠨ ᠠᠳᠠᠯᠠᠵᠤ ᠦᠵᠡᠯ᠎ᠡ᠂ ᠦᠪᠡᠷ ᠢᠶᠡᠨ ᠪᠢ ᠬᠣᠳᠡ ᠵᠡᠭᠡᠯᠢ ᠣᠷᠣᠵᠣ ᠬᠦᠯᠦᠰᠣᠨ ᠠᠵᠢᠯ ᠬᠢᠵᠣ ᠦᠵᠡᠯ᠎ᠡ᠂ ᠠᠶᠢᠯ ‍ᠤᠨ ᠣᠯᠠᠨ ᠢᠶᠡᠨ ᠲᠠᠶᠢᠴᠢᠯᠠᠨ ᠪᠣᠷᠳᠣᠭᠠᠨ ᠰᠠᠭᠣᠷᠢᠨ ᠭᠠᠷᠭᠠᠵᠣ ᠦᠵᠡᠯ᠎ᠡ᠃ ᠠᠮᠢᠳᠣᠷᠠᠯ ‍ᠤᠨ ᠲᠦᠪᠰᠢᠨ ᠲᠡᠭᠡᠭᠰᠢᠯᠡᠭᠰᠡᠨ ᠠᠪᠠᠴᠣ᠂ ᠶᠠᠪᠣᠨ ᠶᠠᠪᠣᠭᠰᠠᠭᠠᠷ ᠮᠠᠨ ‍ᠤ ᠮᠠᠯᠵᠢᠬᠣ ᠠᠮᠢᠳᠣᠷᠡᠯ ᠮᠠᠷᠳᠠᠭᠳᠠᠨ ᠬᠠᠶᠠᠭᠳᠠᠵᠣ᠂ ᠮᠠᠯᠵᠢᠬᠣ ᠰᠣᠶᠣᠯ ᠭᠡᠭᠡᠭᠳᠡᠵᠣ ᠣᠷᠬᠢᠭᠳᠠᠯ᠎ᠠ᠃

    《ᠠᠷᠢᠬᠢ ᠣᠣᠭᠣᠬᠣ ᠪᠡᠷ  ᠢᠶᠡᠨ ᠠᠶᠢᠷᠠᠭ ᠣᠣᠭᠣ》 ᠭᠡᠳᠡᠭᠴᠢᠯᠡᠨ᠂ ᠴᠡᠭᠡ ᠪᠣᠯ ᠲᠡᠷᠨ ᠴᠢᠬ ᠢᠶᠡᠷᠨ ᠢᠶᠡᠨ ᠣᠮᠳᠠᠭᠠᠨ ‍ᠤ ᠣᠬᠢ ᠲᠡᠭᠡᠵᠢ ᠮᠦᠨ᠃ ᠴᠡᠭᠡ ᠨᠢ ᠰᠢᠮ᠎ᠡ ᠲᠡᠵᠢᠭᠡᠯ ᠡᠯᠪᠡᠭ ᠦᠯ ᠲᠠᠷᠣᠳᠠᠭ ᠣᠮᠳᠠᠭᠠᠨ ᠮᠦᠷᠳᠡᠭᠡᠨ ᠡᠪᠡᠳᠴᠢᠨ ᠠᠷᠬᠠᠭ ‍ᠢ ᠡᠳᠡᠭᠡᠷᠡᠬᠦᠯᠳᠡᠭ ᠰᠢᠳᠢ ᠲᠠᠢ ᠶᠣᠮ᠃ ᠬᠣᠳᠣᠭᠣᠳᠣ ᠭᠡᠳᠡᠰᠣᠨ ‍ᠤ ᠡᠪᠡᠳᠴᠢᠨ᠂ ᠦᠶ᠎ᠡ ᠭᠡᠰᠢᠬᠦᠦ ᠶ᠋ᠢᠨ ᠡᠪᠡᠳᠴᠢᠨ᠂ ᠬᠤᠶᠠᠩ ᠰᠢᠷ᠎ᠡ ᠣᠰᠣ᠂ ᠬᠦᠯ ᠨᠢᠷᠣᠭᠣᠨ ᠤ ᠡᠪᠡᠳᠴᠢᠨ᠂ ᠢᠯᠩᠭᠣᠶ᠎ᠠ ᠠᠭᠣᠰᠬᠢᠨ ᠤ ᠰᠦᠷᠢᠶ᠎ᠡ ᠳ᠋ᠥ ᠣᠨᠴᠠ ᠶ᠋ᠢᠨ ᠰᠠᠶᠢᠨ ᠵᠠᠰᠠᠯᠭ᠎ᠠ ᠪᠣᠯᠳᠠᠭ ᠭᠡᠮᠡᠨ ᠣᠳᠣᠬᠢ ᠡᠮᠨᠡᠯᠭᠡ ᠶ᠋ᠢᠨ ᠣᠬᠠᠭᠠᠨ ᠳ᠋ᠥ ᠲᠡᠮᠳᠡᠭᠯᠡᠵᠣ ᠪᠣᠢ᠃ ᠣᠳᠣᠬᠠᠨ ᠳ᠋ᠠᠭᠠᠨ ᠮᠢᠨᠣ ᠪᠡᠯᠡᠳᠭᠡᠯ ᠲᠦᠬᠦᠭᠡᠷᠦᠮᠵᠢ ᠬᠦᠷᠦᠯᠴᠡᠬᠦ ᠦᠬᠡᠢ᠂ ᠮᠠᠯ ᠣᠨᠣᠭ᠎ᠠ᠂ ᠡᠪᠡᠰᠣ ᠲᠠᠷᠢᠶ᠎ᠠ ᠶ᠋ᠢᠨ ᠠᠵᠢᠯ ᠮᠦᠨ ᠠᠷᠪᠢᠨ᠂ ᠲᠣᠰᠬᠠᠢ ᠪᠣᠷᠣᠯᠠᠭᠣᠯᠭ᠎ᠠ ᠬᠢᠬᠦ ᠵᠠᠪ ᠴᠢᠯᠦᠭᠡ ᠦᠬᠡᠢ ᠪᠠᠶᠢᠭᠰᠠᠭᠠᠷ᠃ ᠪᠢ ᠵᠦᠪᠭᠡᠨ ᠨᠣᠳᠣᠭ ᠣᠷᠣᠨ ᠳ᠋ᠠᠭᠠᠨ ᠪᠣᠰᠣᠳ ᠬᠣᠰᠢᠭᠣ ᠨᠣᠳᠣᠭ ‍ᠤᠨ ᠬᠦᠮᠦᠨ ‍ᠤ ᠬᠢᠵᠣ ᠪᠣᠯᠣᠭᠰᠠᠨ ᠵᠦᠢᠯ ‍ᠢ ᠪᠢᠳᠡ ᠪᠠᠰᠨ ᠬᠢᠵᠣ ᠴᠢᠳᠠᠨ᠎ᠠ᠂ ᠴᠡᠭᠡ ᠬᠢᠬᠦ ᠣᠷ᠎ᠡ ᠲᠠᠮ ‍ᠢ ᠰᠣᠷᠴᠣ ᠲᠡᠯᠭᠡᠷᠡᠬᠦᠯᠦᠶ᠎ᠡ᠂ ᠣᠯᠠᠮᠵᠢᠯᠠᠯ ᠰᠣᠶᠣᠯ ᠢᠶᠡᠨ ᠪᠣᠣ ᠯᠨ ᠬᠠᠶᠠᠵᠣ ᠣᠷᠬᠢᠶ᠎ᠠ ᠭᠡᠳ ᠵᠢᠳᠬᠦᠵᠣ ᠪᠠᠶᠢᠭ᠎ᠠ ᠲᠡᠳᠦᠢ ᠶᠣᠮ᠃ ᠡᠨᠡ ᠨᠠᠮᠤᠷ ᠬᠣᠷ᠎ᠡ ᠪᠣᠷᠣᠭᠠᠨ ᠡᠯᠪᠡᠭ᠂ ᠡᠪᠡᠰᠣ ᠲᠠᠷᠢᠶ᠎ᠠ ᠬᠣᠷᠢᠶᠠᠯᠳᠡ ᠲᠠᠢ ᠦᠩᠭᠡ ᠦᠭᠡᠳᠡ ᠰᠠᠶᠢᠬᠠᠨ ᠨᠠᠮᠣᠷ ᠪᠣᠯᠵᠠᠢ᠃ ᠶᠡᠷᠣᠳᠡᠭᠡᠨ ᠵᠣᠨ ‍ᠤ ᠰᠡᠬᠦᠯ ᠪᠣᠯᠪᠠᠯ ᠭᠡᠬᠦᠦ ᠰᠠᠭᠠᠬᠣ ᠪᠡᠨ ᠵᠣᠭᠰᠣᠳᠠᠭ ᠭᠡᠨ᠎ᠡ᠂ ᠮᠢᠨᠣ ᠬᠠᠰᠢᠶ᠎ᠠ ᠰᠠᠷᠠᠪᠴᠢ ᠪᠠᠰᠨ ᠰᠠᠶᠢᠨ᠂ ᠪᠢ ᠡᠪᠣᠯ ᠣᠷᠣᠳᠠᠯ᠎ᠠ ᠭᠡᠬᠦᠦ ᠪᠡᠨ ᠡᠪᠡᠰᠣᠯᠡᠵᠣ ᠰᠠᠭᠠᠵᠣ ᠦᠵᠡᠶ᠎ᠡ᠂ ᠠᠶᠢᠯᠴᠢᠨ ᠭᠡᠶᠢᠴᠢᠳ ᠲᠡᠭᠡᠨ ᠠᠮᠳᠠᠳᠠᠢ ᠰᠠᠶᠢᠬᠠᠨ ᠰᠢᠨ᠎ᠡ ᠴᠡᠭᠡ ᠪᠡᠨ ᠢᠯᠡᠭᠦᠬᠡᠨ ᠬᠦᠷᠳᠡᠭᠡᠶ᠎ᠡ ᠭᠡᠮᠡᠨ ᠲᠦᠯᠦᠪᠯᠡᠵᠣ ᠪᠠᠶᠢᠨ᠎ᠠ ᠭᠡᠪᠡ᠃

ᠴᠡᠬᠡ ᠪᠡᠨ ᠪᠦᠯᠢᠨ᠎ᠡ

    ᠠᠮᠣᠷᠵᠢᠷᠭᠠᠯ ‍ᠤᠨ ᠬᠢᠨ ᠡᠴᠠ ᠠᠶᠠᠷᠯᠠᠳᠠᠯ᠎ᠠ᠂ ᠦᠢᠷ᠎ᠡ ᠰᠠᠭᠠᠬᠠᠯᠳᠠ ᠪᠠ ᠬᠣᠯᠨ ᠶ᠋ᠢᠨ ᠵᠣᠴᠢᠳ ᠬᠣᠶᠢᠨ᠎ᠡ ᠬᠣᠶᠢᠨ᠎ᠡ ᠡᠴᠠ ᠪᠡᠨ ᠢᠷᠡᠵᠣ᠂ ᠠᠮᠳᠠᠳᠣ ᠰᠠᠶᠢᠬᠠᠨ ᠴᠡᠭᠡ ᠶ᠋ᠢ ᠨᠢ ᠠᠮᠰᠠᠵᠣ ᠣᠣᠭᠣᠭᠠᠳ᠂ ᠪᠠᠰᠨ ᠭᠠᠷ ᠬᠣᠭᠣᠰᠣᠨ ᠦᠬᠡᠢ ᠪᠣᠴᠠᠵᠠᠭᠠᠵᠣ ᠪᠠᠶᠢᠯ᠎ᠠ᠃ ᠴᠡᠩᠭᠡᠷᠯᠡᠨ ᠲᠣᠯᠬᠢᠶᠠᠯᠠᠬᠣ ᠰᠢᠷᠠᠮᠦ᠋ᠷᠡᠨ ‍ᠤ ᠲᠡᠨᠵᠢᠨ ᠳ᠋ᠠᠬᠢ ᠰᠦ᠋ ᠰᠢᠭ᠌ ᠰᠠᠶᠢᠬᠠᠨ ᠴᠠᠶᠢᠯᠭᠠᠨ ᠰᠡᠳᠬᠢᠯ ᠲᠠᠢ ᠣᠳᠣᠨ ᠰᠣᠳᠣᠨ ᠪᠣᠯᠣᠭᠰᠠᠨ ᠮᠠᠯᠴᠢᠨ ᠡᠨᠡ ᠠᠶᠢᠯ ‍ᠤᠨ ᠱᠣᠣᠬᠢᠨ ᠬᠦᠭᠡᠷᠬᠦ ᠴᠡᠭᠡ ᠪᠡᠨ ᠠᠳᠠᠯᠢ ᠴᠡᠩᠭᠡᠯ ᠪᠢᠯᠬᠠᠭᠰᠠᠨ ᠠᠮᠢᠳᠣᠷᠡᠯ ᠦᠢᠯᠡᠰ ᠨᠢ ᠢᠷᠡᠬᠦ ᠮᠠᠷᠭᠠᠰᠢ ᠳ᠋ᠠᠭᠠᠨ ᠣᠯᠠᠮ ᠪᠠᠶᠠᠨ ᠵᠢᠷᠭᠠᠯ ᠲᠠᠢ ᠪᠣᠯᠬᠣ ᠳ᠋ᠠ᠃ (ᠨᠡᠶᠢᠳᠡᠯᠡᠯ ᠵᠢᠷᠤᠭ ᠢ ᠦᠪᠦᠷ ᠮᠤᠩᠭᠤᠯ ᠤᠨ ᠪᠠᠭᠠᠷᠢᠨ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ ᠶᠢᠨ ᠬᠦᠬᠡᠳᠠᠪᠠᠯᠭᠠᠨ )

ᠴᠡᠬᠡ ᠠᠮᠰᠠᠬᠤ ᠪᠡᠷ ᠢᠷᠡᠭᠰᠡᠨ ᠠᠶᠢᠯ ᠰᠠᠭᠠᠬᠠᠯᠳᠠ ᠶᠢᠨ ᠬᠢᠨ

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121725845