蒙古文网站Logo
ᠰᠢᠨᠬᠤᠸᠠ ᠮᠤᠩᠭ᠋ᠤᠯ ᠨᠧᠲ

ᠦᠪᠦᠷ ᠮᠤᠩᠭᠤᠯ ᠤᠨ ᠠᠭᠠᠷ ᠤᠨ ᠳᠤᠯᠠᠭᠠᠨ ᠪᠠᠭᠤᠷᠠᠪᠠ

2017-09-28 16:28

    ᠰᠤᠷᠪᠤᠯᠵᠢᠯᠠᠭᠴᠢ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠴᠠᠭ ᠠᠭᠤᠷ ᠤᠨ ᠳᠤᠪᠴᠢᠶᠠᠨ ᠡᠴᠡ ᠤᠶᠢᠯᠠᠭᠠᠭᠰᠠᠨ ᠢᠶᠡᠷ᠂ 9 ᠰᠠᠷ᠎ᠠ ᠶᠢᠨ 25 ᠡᠴᠡ 27 ᠤ ᠡᠳᠦᠷ ᠪᠤᠯᠳᠠᠯᠠᠬᠢ ᠶᠡᠬᠡ ᠬᠡᠪᠴᠢᠶᠡᠨ ᠤ ᠬᠦᠢᠳᠡᠨ ᠤᠷᠤᠰᠬᠠᠯ ᠤᠨ ᠨᠦᠯᠦᠬᠡ ᠪᠡᠷ ᠦᠪᠦᠷ ᠮᠤᠩᠭᠤᠯ ᠤᠨ ᠠᠭᠠᠷ ᠤᠨ ᠳᠤᠯᠠᠭᠠᠨ ᠬᠠᠮᠤᠭ ᠤᠨ ᠶᠡᠬᠡ ᠳ᠋ᠡᠬᠡᠨ 14.2 ᠭᠷᠠᠳᠦ᠋ᠰ ᠪᠠᠭᠤᠷᠠᠭᠰᠠᠨ ᠪᠠᠶᠢᠨ᠎ᠠ᠃

    ᠬᠦᠢᠳᠡᠨ ᠤᠷᠤᠰᠬᠠᠯ ᠤᠨ ᠨᠦᠯᠦᠬᠡ ᠪᠡᠷ ᠦᠪᠦᠷ ᠮᠤᠩᠭᠤᠯ ᠤᠨ ᠪᠠᠷᠠᠭᠤᠨ ᠡᠴᠡ ᠵᠡᠬᠦᠨᠰᠢᠬᠢ ᠪᠦᠰᠡ ᠨᠤᠳᠤᠭ  ᠶᠢᠡᠷ ᠶᠡᠬᠡ ᠰᠠᠯᠬᠢ ᠰᠠᠯᠬᠢᠯᠠᠨ ᠠᠭᠠᠷ ᠤᠨ ᠳᠤᠯᠠᠭᠠᠨ ᠪᠠᠭᠤᠷᠠᠵᠤ᠂ ᠪᠠᠷᠠᠭᠤᠨ ᠪᠦᠰᠡ ᠶᠢᠨ ᠤᠮᠠᠷᠠᠳᠤ ᠬᠡᠰᠡᠭ ᠪᠤᠯᠤᠨ ᠳᠤᠮᠳᠠ ᠵᠡᠬᠦᠨ ᠪᠦᠰᠡ ᠶᠢᠨ ᠶᠡᠬᠡᠩᠬᠢ ᠬᠡᠰᠡᠭ ᠲᠤ ᠬᠢᠷᠠᠭᠤ ᠤᠨᠠᠵᠡᠢ᠃ ᠡᠬᠦᠨ ᠳᠤ ᠰᠢᠯᠢ ᠶᠢᠨ ᠭᠤᠤᠯ ᠤᠨ ᠪᠠᠷᠠᠭᠤᠨ ᠡᠮᠦᠨᠡᠳᠦ ᠪᠦᠰᠡ᠂ ᠤᠯᠠᠭᠠᠨᠴᠠᠪ ᠤᠨ ᠤᠮᠠᠷᠠᠳᠤ ᠪᠦᠰᠡ᠂ ᠬᠦᠬᠡᠬᠤᠳᠠ ᠶᠢᠨ ᠡᠮᠦᠨᠡᠳᠦ ᠪᠦᠰᠡ᠂ ᠪᠤᠭᠤᠳᠤ ᠶᠢᠨ ᠡᠮᠦᠨᠡᠳᠦ ᠪᠦᠰᠡ᠂ ᠤᠷᠳᠤᠰ ᠤᠨ ᠪᠠᠷᠠᠭᠤᠨ ᠬᠤᠶᠢᠳᠤ ᠪᠦᠰᠡ ᠵᠡᠷᠬᠡ ᠨᠤᠳᠤᠭ ᠤᠨ ᠠᠭᠠᠷ ᠤᠨ ᠳᠤᠯᠠᠭᠠᠨ 10 ᠭᠷᠠᠳᠦ᠋ᠰ ᠪᠠᠭᠤᠷᠠᠵᠤ᠂ ᠪᠤᠭᠤᠳᠤ ᠬᠤᠳᠠ ᠶᠢᠨ ᠬᠦᠶᠠᠩ ᠰᠢᠶᠠᠨ ᠤ ᠠᠭᠠᠷ ᠤᠨ ᠳᠤᠯᠠᠭᠠᠨ 14.2 ᠭᠷᠠᠳᠦ᠋ᠰ ᠪᠠᠭᠤᠷᠠᠭᠰᠠᠨ ᠪᠠ ᠤᠷᠤᠨ ᠲᠠᠶᠠᠭᠠᠷ ᠤᠨ ᠶᠡᠬᠡᠩᠬᠢ ᠪᠦᠰᠡ ᠶᠢᠨ ᠬᠠᠮᠤᠭ ᠤᠨ ᠳᠤᠤᠷ᠎ᠠ ᠠᠭᠠᠷ ᠤᠨ ᠳᠤᠯᠠᠭᠠᠨ 10 ᠭᠷᠠᠳᠦ᠋ᠰ ᠡᠴᠡ ᠳᠤᠷᠤᠭᠰᠢ ᠪᠤᠯᠤᠭᠰᠠᠨ ᠪᠠᠶᠢᠨ᠎ᠠ᠃

ᠢᠷᠡᠯᠳᠡ᠄ ᠦᠪᠦᠷ ᠮᠤᠩᠭᠤᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
关闭
010070230030000000000000011120701121740343