蒙古文网站Logo
ᠰᠢᠨᠬᠤᠸᠠ ᠮᠤᠩᠭ᠋ᠤᠯ ᠨᠧᠲ

10 ᠪᠢᠴᠢᠬᠠᠨ ᠮᠠᠯᠤᠷ ᠦᠳᠡᠭᠡ ᠴᠸᠩᠳᠦ᠋ ᠶᠢᠨ ᠮᠡᠯᠤᠷ ᠦᠳᠡᠭᠡ ᠲᠡᠵᠢᠭᠡᠨ ᠦᠷᠡᠵᠢᠭᠦᠯᠬᠦ ᠰᠤᠳᠤᠯᠭᠠᠨ ᠤ ᠰᠠᠭᠤᠷᠢᠨ ᠳᠤ ᠦᠵᠡᠭᠴᠢᠳ ᠲᠠᠢ ᠵᠤᠯᠭᠠᠪᠠ

2017-09-30 11:29

    ᠰᠢᠨᠬᠤᠸᠠ ᠬᠤᠷᠢᠶ᠎ᠠ   ᠴᠸᠩᠳᠦ᠋ ᠶᠢᠨ 9 ᠰᠠᠷ᠎ᠠ ᠶᠢᠨ 29 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠢ ᠯᠢ ᠺᠧ) 29 ᠤ ᠡᠳᠦᠷ ᠤᠨ ᠦᠳᠡ ᠡᠴᠡ ᠡᠮᠦᠨ᠎ᠠ᠂ ᠮᠡᠯᠤᠷ ᠦᠳᠡᠭᠡ ᠲᠡᠵᠢᠭᠡᠨ ᠦᠷᠡᠵᠢᠭᠦᠯᠬᠦ ᠰᠤᠳᠤᠯᠭᠠᠨ ᠤ ᠰᠠᠭᠤᠷᠢᠨ ᠦᠨᠦ ᠵᠢᠯ ᠲᠦᠷᠦᠭᠰᠡᠨ ᠮᠠᠯᠤᠷ ᠦᠳᠡᠭᠡ  ᠴᠤᠭ ᠢᠶᠡᠷ ᠦᠵᠡᠭᠴᠢᠳ ᠲᠠᠢ ᠵᠤᠯᠭᠠᠬᠤ ᠠᠵᠢᠯᠯᠠᠭ᠎ᠠ ᠵᠤᠬᠢᠶᠠᠨ ᠪᠠᠶᠢᠭᠤᠯᠵᠤ 10 ᠪᠢᠴᠢᠬᠠᠨ ᠮᠠᠯᠤᠷ ᠦᠳᠡᠭᠡ ᠵᠢᠭᠤᠯᠴᠢᠳ ᠲᠠᠢ ᠵᠤᠯᠭᠠᠨ ᠤᠳᠠᠬᠤ ᠦᠭᠡᠢ ᠬᠦᠷᠴᠤ ᠢᠷᠡᠬᠦ ᠭᠡᠵᠤ ᠪᠠᠶᠢᠭ᠎ᠠ ᠤᠯᠤᠰ ᠤᠨ ᠪᠠᠶᠠᠷ ᠪᠤᠯᠤᠨ ᠲᠡᠷᠭᠡᠯ ᠰᠠᠷᠠᠨ ᠤ ᠪᠠᠶᠠᠷ ᠲᠤ ᠬᠦᠷ ᠨᠡᠮᠡᠷᠢᠯᠠᠵᠠᠢ᠃

    ᠦᠳᠡ ᠡᠴᠡ ᠡᠮᠦᠨ᠎ᠠ 9᠄30 ᠴᠠᠭ ᠲᠤ ᠠᠵᠢᠯᠲᠠᠨ 10 ᠪᠢᠴᠢᠬᠠᠨ ᠮᠠᠯᠤᠷ ᠦᠳᠡᠭᠡ ᠶᠢ ᠲᠡᠷᠭᠡᠯ ᠰᠠᠷᠠᠨ ᠠᠮᠤᠷᠵᠢᠬᠤ ᠦᠷᠦᠭᠡᠨ ᠤ ᠬᠦᠳᠡᠯᠭᠡᠭᠡᠨ ᠤ ᠲᠠᠯᠠᠪᠠᠢ ᠳᠤ ᠲᠡᠪᠡᠷᠢᠨ ᠠᠪᠴᠢᠷᠠᠪᠠ᠃ ᠪᠢᠴᠢᠬᠠᠨ ᠮᠠᠯᠤᠷ ᠦᠳᠡᠭᠡ ᠶᠢᠨ ᠬᠠᠮᠤᠭ ᠤᠨ ᠲᠤᠮᠤ ᠨᠢ 5 ᠰᠠᠷ᠎ᠠ ᠢᠯᠡᠬᠦᠦ ᠪᠤᠯᠵᠤ᠂ ᠬᠠᠮᠤᠭ ᠤᠨ ᠪᠠᠭ᠎ᠠ ᠨᠢ 100 ᠬᠤᠨᠤᠭ ᠪᠤᠯᠤᠭᠠᠳᠤᠢ᠃ ᠵᠢᠭᠤᠯᠴᠢᠳ ᠲᠠᠢ ᠵᠤᠯᠭᠠᠭᠰᠠᠨ ᠲᠡᠳᠡ ᠠᠶᠤᠵᠤ ᠪᠢᠰᠢᠭᠦᠷᠬᠡᠭ᠍ᠰᠡᠨ ᠪᠠᠶᠢᠳᠠᠯ ᠦᠭᠡᠢ᠂ ᠦᠵᠡᠭᠴᠢᠳ ᠲᠠᠢ ᠵᠤᠯᠭᠠᠬᠤ ᠲᠠᠶᠢᠰᠠᠨ ᠳᠡᠭᠡᠷ᠎ᠠ ᠳᠡᠭᠡᠭ᠍ᠰᠢ ᠳᠤᠷᠤᠭᠰᠢ ᠠᠪᠠᠷᠢᠬᠤ ᠪᠤᠶᠤ ᠨᠠᠮ ᠤᠨᠲᠠᠵᠤ ᠵᠡᠭᠦᠷᠮᠡᠭᠯᠡᠨ᠎ᠠ᠂ ᠪᠢᠴᠢᠬᠠᠨ ᠮᠠᠯᠤᠷ ᠦᠳᠡᠭᠡ ᠳᠠᠭᠤᠨ ᠭᠠᠷᠭᠠᠬᠤ ᠪᠦᠷᠢ ᠵᠢᠭᠤᠯᠴᠢᠳ ᠬᠦᠭ᠍ᠰᠡᠨ ᠬᠦᠭᠡᠷᠦᠯᠳᠤᠨ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011100001121751531