《ᠬᠡᠬᠡᠷᠡᠯᠡᠬᠦ ᠮᠠᠰᠢᠨ ᠢᠶᠡᠷ ᠲᠦᠪᠡᠳ ᠪᠦᠬᠦᠩ ᠨᠡᠬᠡᠵᠤ ᠬᠦᠬᠡᠬᠡᠭ᠍ᠰᠡᠨ》 ᠬᠡᠷᠡᠭ ᠲᠤ ᠬᠤᠯᠪᠤᠭᠳᠠᠭᠰᠠᠨ 7 ᠬᠦᠮᠦᠨ ᠢ ᠲᠤᠷᠭᠠᠪᠠ 2017-10-09 16:26

    10 ᠰᠠᠷ᠎ᠠ ᠶᠢᠨ 8 ᠤ ᠦᠳᠡᠰᠢ᠂ ᠲᠦᠪᠡᠳ ᠤᠨ ᠥᠪᠡᠷᠲᠡᠬᠡᠨ ᠵᠠᠰᠬᠠᠤ ᠤᠷᠤᠨ ᠤ ᠤᠢ ᠶᠢᠨ ᠠᠵᠤ ᠠᠬᠤᠢ ᠶᠢᠨ ᠲᠢᠩᠬᠢᠮ ᠠᠯᠪᠠᠨ ᠤ ᠨᠧᠲ ᠲᠡᠬᠡᠨ 《ᠬᠡᠬᠡᠷᠡᠯᠡᠬᠦ ᠮᠠᠰᠢᠨ ᠢᠶᠡᠷ ᠲᠦᠪᠡᠳ ᠪᠦᠬᠦᠩ ᠨᠡᠬᠡᠵᠤ ᠬᠦᠬᠡᠬᠡᠭ᠍ᠰᠡᠨ》 ᠬᠡᠷᠡᠭ ᠢ ᠰᠢᠢᠳᠪᠤᠷᠢᠯᠡᠭᠰᠡᠨ ᠦᠷ᠎ᠠ ᠳ᠋ᠦᠩ ᠢᠶᠡᠨ ᠨᠡᠶᠢᠳᠡᠯᠡᠭᠰᠡᠨ ᠪᠠᠶᠢᠨ᠎ᠠ᠃ ᠬᠡᠷᠡᠭ ᠲᠤ ᠬᠤᠯᠪᠤᠭᠳᠠᠬᠰᠠᠨ 7 ᠬᠦᠮᠦᠨ ᠢ ᠲᠤᠰᠪᠦᠷᠢ 15000 ᠲᠦᠭᠦᠷᠢᠭ᠌ ᠢᠶᠡᠷ ᠲᠤᠷᠭᠠᠵᠤ᠂ ᠨᠡᠶᠢᠲᠠ 105000 ᠲᠦᠭᠦᠷᠢᠭ᠌ ᠲᠤᠷᠭᠠᠪᠠ᠃

    ᠪᠠᠶᠢᠴᠠᠭᠠᠬᠰᠠᠨ ᠢᠶᠡᠷ᠂ 10 ᠰᠠᠷ᠎ᠠ ᠶᠢᠨ 4 ᠤ ᠡᠳᠦᠷ ᠤᠨ 17᠄ 20 ᠴᠠᠭ ᠲᠤ᠂ ᠬᠡᠷᠡᠭ ᠲᠤ ᠬᠤᠯᠪᠤᠭᠳᠠᠭᠰᠠᠨ ᠬᠤᠤ ᠤᠪᠤᠭᠳᠠᠨ ᠵᠡᠷᠭᠡ 7 ᠬᠦᠮᠦᠨ ᠥᠪᠡᠷ ᠢᠶᠡᠨ ᠮᠠᠰᠢᠨ ᠵᠢᠯᠤᠭᠤᠳᠴᠤ ᠤᠯᠤᠰ ᠤᠨ ᠵᠡᠷᠭᠡᠯᠡᠯ ᠤᠨ ᠪᠠᠶᠢᠭᠠᠯᠢ ᠶᠢᠨ ᠬᠠᠮᠠᠭᠠᠯᠠᠯᠲᠠ ᠶᠢᠨ ᠤᠷᠤᠨ ᠤ ᠲᠦᠪᠡᠳ ᠪᠦᠬᠦᠩ ᠤᠨ ᠤᠷᠤᠰᠢᠨ ᠠᠮᠢᠳᠤᠷᠠᠬᠤ ᠨᠤᠲᠤᠭ ᠢᠶᠡᠷ ᠦᠩᠬᠡᠷᠡᠬᠦ ᠦᠶᠡᠰ ᠵᠢᠷᠤᠭ ᠠᠪᠬᠠᠭᠤᠯᠬᠤ ᠬᠡᠵᠤ ᠲᠦᠪᠡᠳ ᠪᠦᠬᠦᠩ ᠢ ᠨᠢᠬᠡ ᠮᠢᠨᠦ᠋ᠲ ᠭᠠᠷᠤᠶ ᠨᠡᠬᠡᠵᠤ ᠬᠦᠬᠡᠬᠡᠭ᠍ᠰᠡᠨ ᠪᠠᠶᠢᠨ᠎ᠠ᠃ 10 ᠰᠠᠷ᠎ᠠ ᠶᠢᠨ 6᠂ 7 ᠤ ᠡᠳᠦᠷ ᠲᠤᠬᠠᠢ ᠶᠢᠨ ᠭᠠᠵᠠᠷ ᠤᠨ ᠤᠢ ᠰᠢᠭᠤᠢ ᠶᠢᠨ ᠲᠤᠳᠤᠭᠠᠲᠤ ᠶᠢ ᠬᠠᠮᠠᠭᠠᠯᠠᠵᠤ ᠲᠤᠪᠴᠢᠶ᠎ᠠ᠂ ᠬᠠᠮᠠᠭᠠᠯᠠᠯᠲᠠ ᠶᠢᠨ ᠤᠷᠤᠨ ᠤ ᠬᠠᠮᠢᠶᠠᠷᠤᠯᠲᠠ ᠶᠢᠨ ᠰᠠᠯᠠᠭ᠎ᠠ ᠮᠦᠴᠢᠷ ᠵᠢᠴᠢ ᠬᠡᠬᠡᠷ᠎ᠠ ᠶᠢᠨ ᠠᠮᠢᠲᠠᠨ ᠢ ᠬᠠᠮᠠᠭᠠᠯᠠᠵᠤ ᠬᠠᠷᠢᠭᠤᠴᠠᠬᠤ ᠠᠵᠢᠯᠲᠠᠨ ᠬᠡᠷᠡᠭ ᠡᠭᠦᠰᠦᠭᠰᠡᠨ ᠭᠠᠵᠠᠷ ᠤᠨ ᠤᠶᠢᠷᠠᠯᠴᠠᠭᠠᠬᠢ 300 ᠭᠠᠷᠤᠢ ᠺᠢᠯᠤᠮᠧᠲ᠋ᠷ ᠤᠨ ᠪᠦᠰᠡ ᠨᠤᠲᠤᠭ ᠢ ᠠᠬᠢᠨ ᠳᠡᠪᠳᠡᠨ ᠪᠠᠶᠢᠴᠠᠭᠠᠵᠤ᠂ ᠲᠦᠪᠡᠳ ᠪᠦᠬᠦᠩ ᠡᠨᠳᠡᠵᠤ ᠰᠢᠷᠬᠠᠳᠤᠭᠰᠠᠨ ᠪᠠᠶᠢᠳᠠᠯ ᠤᠯᠵᠤ ᠬᠠᠷᠠᠬᠰᠠᠨ ᠦᠬᠡᠢ᠃

ᠢᠷᠡᠯᠳᠡ᠄ ᠪᠡᠬᠡᠵᠢᠩ ᠵᠠᠯᠠᠭᠤᠴᠤᠳ ᠰᠣᠨᠢᠨ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
010070230030000000000000011100001121775496