蒙古文网站Logo
ᠰᠢᠨᠬᠤᠸᠠ ᠮᠤᠩᠭ᠋ᠤᠯ ᠨᠧᠲ

ᠭᠠᠯᠳᠤ ᠳᠡᠷᠬᠡᠨ ᠤ ᠳᠠᠰᠤᠯᠪᠤᠷᠢ ᠪᠡᠨ ᠳᠤᠷᠠᠪᠠᠷ ᠦᠬᠡᠷᠡᠴᠢᠯᠡᠭᠰᠡᠨ ᠡᠷᠡᠭᠳᠡᠢ ᠶᠢ ᠳᠦᠷ ᠬᠤᠷᠢᠪᠠ

2017-10-11 16:29

    9 ᠰᠠᠷ᠎ᠠ ᠶᠢᠨ 30 ᠤ ᠡᠳᠦᠷ᠂ 39 ᠨᠠᠰᠤᠳᠠᠢ ᠰᠦᠨ ᠤᠪᠤᠭᠳᠤ ᠵᠧᠵᠢᠶᠠᠩ ᠤᠨ ᠢ ᠡᠦ ᠭᠠᠯᠳᠤ ᠳᠡᠷᠬᠡᠨ ᠦᠷᠳᠡᠬᠡᠨ ᠳᠤ ᠳᠠᠰᠤᠯᠪᠤᠷᠢ ᠰᠢᠯᠭᠠᠭᠤᠯᠬᠤ ᠦᠶ᠎ᠡ ᠪᠡᠷ ᠦᠷᠳᠡᠬᠡᠨ ᠤ ᠠᠵᠢᠯᠳᠠᠨ ᠳᠡᠬᠦᠨ ᠢ ᠬᠠᠭᠤᠷᠮᠠᠭ ᠳᠠᠰᠤᠯᠪᠤᠷᠢ ᠰᠢᠯᠭᠠᠭᠤᠯᠤᠯ᠎ᠠ ᠬᠡᠮᠡᠨ ᠰᠡᠵᠢᠭᠯᠡᠵᠤ ᠴᠠᠭᠳᠠᠭ᠎ᠠ ᠳᠤ ᠳᠤᠰᠢᠶᠠᠵᠠᠢ᠃

    ᠤᠶᠢᠯᠠᠭᠠᠭᠰᠠᠨ ᠢᠶᠡᠷ᠂ ᠤᠯᠤᠰ ᠤᠨ ᠪᠠᠶᠠᠷ ᠤᠨ ᠠᠮᠠᠷᠠᠯᠳᠠ ᠪᠡᠷ ᠨᠤᠳᠤᠭ ᠪᠤᠴᠠᠬᠤ ᠬᠡᠰᠡᠨ ᠰᠦᠨ ᠤᠪᠤᠭᠳᠤ ᠭᠠᠯᠳᠤ ᠳᠡᠷᠬᠡᠨ ᠤ ᠳᠠᠰᠤᠯᠪᠤᠷᠢ ᠤᠯᠤᠭᠰᠠᠨ ᠦᠬᠡᠢ ᠪᠤᠯᠬᠤᠷ 2015 ᠤᠨ ᠤ 9 ᠰᠠᠷ᠎ᠠ ᠶᠢᠨ 25 ᠤ ᠡᠳᠦᠷ ᠤᠨ ᠳᠠᠰᠤᠯᠪᠤᠷᠢ ᠤᠨ ᠬᠤᠭᠤᠴᠠᠭ᠎ᠠ ᠶᠢ 2017 ᠤᠨ ᠤ 9 ᠰᠠᠷ᠎ᠠ ᠶᠢᠨ 30 ᠤ ᠡᠳᠦᠷ ᠪᠤᠯᠭᠠᠨ ᠦᠬᠡᠷᠡᠴᠢᠯᠡᠬᠡᠳ ᠦᠷᠳᠡᠬᠡᠨ ᠳᠤ ᠬᠦᠷᠦᠭᠰᠡᠨ ᠪᠠᠶᠢᠵᠠᠢ᠃

    《ᠪᠦᠬᠦᠳᠡ ᠨᠠᠶᠢᠷᠠᠮᠳᠠᠬᠤ ᠳᠤᠮᠳᠠᠳᠤ ᠠᠷᠠᠳ ᠤᠨ ᠠᠮᠤᠷ ᠢ ᠬᠠᠮᠠᠭᠠᠯᠠᠬᠤ ᠬᠠᠮᠢᠶᠠᠷᠤᠯᠳᠠ ᠶᠢᠨ ᠰᠢᠳᠬᠡᠨ ᠳᠤᠷᠭᠠᠬᠤ ᠬᠠᠤᠯᠢ》 ᠶᠢᠨ ᠳᠠᠪᠢᠨ ᠬᠤᠶᠠᠳᠤᠭᠠᠷ ᠵᠤᠷᠪᠤᠰ ᠤᠨ ᠭᠤᠷᠪᠠᠳᠤᠭᠠᠷ ᠵᠦᠢᠯ ᠳᠤ᠂ ᠭᠠᠯᠳᠤ ᠳᠡᠷᠬᠡ᠂ ᠬᠦᠯᠬᠡ ᠤᠩᠭᠤᠴᠠ᠂ ᠨᠢᠰᠬᠦ ᠤᠩᠭᠤᠴᠠᠨ ᠤ ᠳᠠᠰᠤᠯᠪᠤᠷᠢ ᠪᠤᠶᠤ ᠤᠷᠠᠨ ᠰᠠᠶᠢᠬᠠᠨ ᠤ ᠳᠤᠭᠯᠠᠯᠳᠠ᠂ ᠳᠠᠮᠢᠷ ᠤᠨ ᠳᠡᠮᠡᠴᠡᠬᠡᠨ ᠤ ᠳᠠᠰᠤᠯᠪᠤᠷᠢ ᠡᠰᠡᠪᠡᠯ ᠪᠤᠰᠤᠳ ᠦᠨ᠎ᠡ ᠦᠷᠳᠡᠭ ᠲᠠᠢ ᠳᠠᠰᠤᠯᠪᠤᠷᠢ᠂ ᠪᠠᠷᠢᠮᠳᠠ ᠶᠢ ᠬᠠᠭᠤᠷᠮᠠᠭᠯᠠᠨ ᠵᠤᠬᠢᠶᠠᠬᠤ᠂ ᠦᠬᠡᠷᠡᠴᠢᠯᠡᠬᠦ ᠪᠠ ᠳᠠᠮᠵᠢᠭᠤᠯᠤᠨ ᠬᠤᠳᠠᠯᠳᠤᠪᠠᠯ 10-15 ᠡᠳᠦᠷ ᠤᠨ ᠬᠤᠭᠤᠴᠠᠭ᠎ᠠ ᠲᠠᠢ ᠳᠦᠷ ᠬᠤᠷᠢᠵᠤ᠂ 1000 ᠳᠦᠬᠦᠷᠢᠭ᠌ ᠤᠨ ᠳᠤᠳᠤᠷ᠎ᠠ ᠳᠤᠷᠭᠠᠨ᠎ᠠ; ᠪᠠᠶᠢᠳᠠᠯ ᠨᠢ ᠬᠦᠩᠬᠡᠨ ᠪᠤᠯ 5-10 ᠡᠳᠦᠷ ᠤᠨ ᠬᠤᠭᠤᠴᠠᠭ᠎ᠠ ᠲᠠᠢ ᠳᠦᠷ ᠬᠤᠷᠢᠵᠤ᠂ 500 ᠳᠦᠬᠦᠷᠢᠭ᠌ ᠤᠨ ᠳᠤᠳᠤᠷ᠎ᠠ ᠳᠤᠷᠭᠠᠨ᠎ᠠ ᠬᠡᠵᠤ ᠳᠤᠭᠳᠠᠭᠠᠭᠰᠠᠨ ᠪᠠᠶᠢᠳᠠᠭ᠃

    ᠡᠶᠢᠮᠤ ᠳᠤ ᠰᠦᠨ ᠤᠪᠤᠭᠳᠤ ᠳᠤ ᠵᠠᠰᠠᠭ ᠵᠠᠬᠢᠷᠭᠠᠨ ᠤ ᠰᠢᠨᠵᠢᠳᠡᠢ 5 ᠡᠳᠦᠷ ᠳᠦᠷ ᠬᠤᠷᠢᠬᠤ ᠰᠢᠳᠬᠡᠯ ᠦᠭᠴᠠᠢ᠃

ᠢᠷᠡᠯᠳᠡ᠄ ᠰᠢᠨᠬᠤᠧᠠ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121787422