蒙古文网站Logo
ᠰᠢᠨᠬᠤᠸᠠ ᠮᠤᠩᠭ᠋ᠤᠯ ᠨᠧᠲ

ᠴᠠᠬᠢᠮ ᠪᠦᠲᠦᠭᠡᠭ᠍ᠳᠡᠬᠦᠨ ᠬᠡᠦᠬᠡᠳ ᠤᠨ ᠬᠡᠯᠨ ᠳᠤ ᠤᠷᠤᠬᠤ ᠶᠢ ᠬᠤᠶᠢᠰᠢᠯᠠᠭᠤᠯᠤᠨ᠎ᠠ

2017-10-24 13:02

    ᠴᠠᠬᠢᠮ ᠪᠦᠲᠦᠭᠡᠭ᠍ᠳᠡᠬᠦᠨ ᠪᠢᠳᠡᠨ ᠤ ᠠᠮᠢᠳᠤᠷᠠᠯ ᠢ ᠨᠢᠬᠡᠨᠳᠡ ᠨᠦᠯᠦᠭᠡᠯᠡᠵᠤ᠂ ᠬᠡᠦᠬᠡᠳ ᠬᠡᠳᠤᠷᠬᠡᠢ ᠪᠠᠭ᠎ᠠ ᠡᠴᠡ ᠪᠠᠨ ᠴᠠᠬᠢᠮ ᠪᠦᠲᠦᠭᠡᠭ᠍ᠳᠡᠬᠦᠨ ᠲᠠᠢ ᠤᠶᠢᠷᠠᠳᠴᠤ᠂ ᠡᠷᠳᠡ ᠠᠰᠢᠭᠯᠠᠭᠰᠠᠨ ᠪᠦᠭᠡᠳ ᠲᠠᠬᠢᠨ ᠲᠠᠪᠳᠠᠨ ᠬᠡᠷᠡᠭᠯᠡᠭᠰᠡᠨ ᠡᠴᠡ ᠪᠤᠯᠵᠤ ᠬᠡᠦᠬᠡᠳ ᠤᠨ ᠬᠡᠯᠡ᠂ ᠬᠠᠷᠠᠭ᠎ᠠ᠂ ᠶᠠᠰᠤᠨ ᠤ ᠪᠤᠶᠢᠵᠢᠯᠳᠠ ᠵᠡᠷᠬᠡ ᠳᠤ ᠵᠤᠬᠢᠬᠤ ᠰᠦᠬᠡᠷᠬᠦ ᠨᠦᠯᠦᠬᠡ ᠦᠵᠡᠬᠦᠯᠵᠤ ᠪᠠᠶᠢᠨ᠎ᠠ᠃

    ᠨᠡᠶᠢᠰᠯᠡᠯ ᠤᠨ ᠬᠡᠦᠬᠡᠳ ᠤᠨ ᠡᠮᠨᠡᠯᠬᠡ ᠶᠢᠨ ᠰᠤᠳᠤᠯᠭᠠᠨ ᠤ ᠲᠤᠰᠬᠠᠢ ᠮᠡᠷᠬᠡᠵᠢᠯᠳᠡᠡ᠂ ᠤᠶᠢᠷ᠎ᠠ ᠶᠢᠨ ᠵᠢᠯ ᠤᠳ ᠲᠤ ᠡᠶᠢᠮᠦᠷᠬᠦ ᠠᠰᠠᠭᠤᠳᠠᠯ ᠢᠶᠡᠷ ᠬᠡᠦᠬᠡᠳ ᠢᠶᠡᠨ ᠡᠮᠨᠡᠬᠦᠯᠬᠦ ᠪᠡᠷ ᠢᠷᠡᠵᠤ ᠪᠠᠶᠢᠭ᠎ᠠ ᠪᠠᠶᠢᠳᠠᠯ ᠤᠯᠠᠰᠢᠷᠠᠵᠤ᠂ ᠤᠯᠠᠩᠬᠢ ᠨᠢ ᠴᠠᠬᠢᠮ ᠪᠦᠲᠦᠭᠡᠭ᠍ᠳᠡᠬᠦᠨ ᠢ ᠬᠡᠳᠤᠷᠬᠡᠢ ᠬᠡᠷᠡᠭᠯᠡᠭᠰᠡᠨ ᠡᠴᠡ ᠪᠤᠯᠵᠠᠢ ᠬᠡᠪᠡ᠃

    ᠲᠤᠰᠬᠠᠢ ᠮᠡᠷᠬᠡᠵᠢᠯᠳᠡᠡ᠂ ᠴᠠᠬᠢᠮ ᠪᠦᠲᠦᠭᠡᠭ᠍ᠳᠡᠬᠦᠨ ᠪᠤᠯ《ᠬᠡᠦᠬᠡᠳ ᠤᠨ ᠠᠰᠠᠷᠠᠭᠴᠢ》ᠪᠢᠰᠢ᠂ ᠬᠡᠷ ᠤᠨ ᠠᠬᠠᠮᠡᠳ ᠢ ᠤᠷᠤᠯᠠᠨ ᠬᠡᠦᠬᠡᠳ ᠲᠤ ᠬᠠᠨᠢ ᠪᠤᠯᠵᠤ ᠴᠢᠳᠠᠬᠤ ᠦᠭᠡᠢ᠂ 《ᠬᠡᠦᠬᠡᠳ ᠭᠤᠷᠪᠠᠨ ᠨᠠᠰᠤᠨ ᠡᠴᠡ ᠡᠮᠦᠨ᠎ᠡ ᠴᠠᠬᠢᠮ ᠪᠦᠲᠦᠭᠡᠭ᠍ᠳᠡᠬᠦᠨ ᠲᠠᠢ ᠤᠶᠢᠷᠠᠳᠤᠬᠤ ᠦᠭᠡᠢ ᠪᠤᠶᠤ ᠡᠰᠡᠬᠦᠯ᠎ᠡ ᠴᠢᠳᠠᠬᠤ ᠶᠢᠨ ᠬᠢᠷᠢ ᠳᠤ ᠲᠤᠳᠠᠭᠤ ᠤᠶᠢᠷᠠᠳᠤᠪᠠᠯ ᠵᠤᠬᠢᠨ᠎ᠠ᠂ ᠭᠤᠷᠪᠠᠨ ᠨᠠᠰᠤ ᠬᠦᠷᠦᠭᠰᠡᠨ  ᠤ ᠳᠠᠷᠠᠭ᠎ᠠ ᠴᠤ ᠴᠠᠬᠢᠮ ᠪᠦᠲᠦᠭᠡᠭ᠍ᠳᠡᠬᠦᠨ ᠬᠡᠷᠡᠭᠯᠡᠬᠦ ᠴᠠᠭ ᠢ ᠨᠢ ᠬᠢᠵᠠᠭᠠᠷᠯᠠᠪᠠᠯ ᠵᠤᠬᠢᠨ᠎ᠠ》 ᠬᠡᠵᠡᠢ᠃

ᠢᠷᠡᠯᠳᠡ᠄ ᠰᠢᠨ ᠵᠢᠩ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121848617