蒙古文网站Logo
ᠰᠢᠨᠬᠤᠸᠠ ᠮᠤᠩᠭ᠋ᠤᠯ ᠨᠧᠲ

《ᠹᠦ᠋ ᠰᠢᠩ ᠨᠤᠮᠧᠷᠳᠤ》ᠴᠠᠭ ᠲᠤ 350 ᠺᠢᠯᠤᠮᠧᠲ᠋ᠷ ᠤᠨ ᠬᠤᠷᠳᠤᠴᠠ ᠪᠡᠷ ᠰᠠᠷ᠎ᠠ ᠠᠶᠠᠯᠠᠭᠠᠳ ᠰᠠᠭᠤᠳᠠᠯ ᠤᠨ ᠨᠤᠷᠮ᠎ᠠ 95% ᠬᠦᠷᠴᠠᠢ

2017-10-24 18:36

    ᠲᠤᠮᠳᠠᠳᠤ ᠤᠯᠤᠰ ᠤᠨ ᠲᠡᠮᠦᠷ ᠵᠠᠮ ᠤᠨ ᠶᠡᠷᠦᠩᠬᠡᠢ ᠺᠤᠮᠫᠠᠨᠢ ᠶᠢᠨ 23 ᠤ ᠡᠳᠤᠷ ᠨᠡᠶᠢᠳᠡᠯᠡᠭᠰᠡᠨ ᠮᠡᠳᠡᠬᠡ ᠶᠢ ᠦᠨᠳᠦᠰᠦᠯᠡᠪᠡᠯ᠂ 10 ᠰᠠᠷ᠎ᠠ ᠶᠢᠨ 21 ᠤ ᠡᠳᠤᠷ᠂ 《ᠹᠦ᠋ ᠰᠢᠩ ᠨᠤᠮᠧᠷᠳᠤ》ᠬᠤᠷᠳᠤᠨ ᠤ ᠭᠠᠯᠳᠤ ᠪᠡᠭᠡᠵᠢᠩ ᠱᠠᠩᠬᠠᠢ ᠬᠤᠷᠳᠤᠨ ᠤ ᠵᠠᠮ ᠢᠶᠡᠷ ᠴᠠᠭ ᠲᠤ 350 ᠺᠢᠯᠤᠮᠧᠲ᠋ᠷ ᠤᠨ ᠬᠤᠷᠳᠤᠴᠠ ᠪᠡᠷ ᠠᠶᠠᠯᠠᠭᠠᠳ ᠨᠢᠬᠡ ᠰᠠᠷ᠎ᠠ ᠪᠤᠯᠪᠠ᠃ ᠡᠨᠡ ᠨᠢᠬᠡ ᠰᠠᠷ᠎ᠠ ᠶᠢᠨ ᠬᠤᠭᠤᠴᠠᠭᠠᠨ ᠳᠤ᠂ ᠠᠶᠤᠯᠬᠦᠢ᠂ ᠬᠤᠷᠳᠤᠨ᠂ ᠲᠠᠭᠠᠯᠠᠮᠵᠢᠳᠠᠢ ᠪᠦᠭᠡᠳ ᠴᠠᠭ ᠲᠤ 350 ᠺᠢᠯᠤᠮᠧᠲ᠋ᠷ ᠤᠨ ᠬᠤᠷᠳᠤᠴᠠ ᠪᠡᠷ ᠠᠶᠠᠯᠠᠬᠤ《ᠹᠦ᠋ ᠰᠢᠩ ᠨᠤᠮᠧᠷᠳᠤ》ᠬᠤᠷᠳᠤᠨ ᠤ ᠭᠠᠯᠳᠤ ᠳᠡᠷᠬᠡ ᠨᠢ ᠵᠢᠭᠤᠯᠴᠢᠳ ᠤᠨ ᠬᠦᠷᠢᠶᠡᠯᠡᠯ ᠢ ᠤᠯᠵᠤ᠂ ᠲᠠᠪᠬᠤᠷᠳᠠᠭᠰᠠᠨ ᠲᠤᠭ᠎ᠠ ᠪᠡᠷ ᠡᠳᠤᠷ ᠲᠤ 2 ᠲᠦᠮᠡᠨ ᠠᠶᠠᠨᠴᠢᠨ ᠵᠤᠷᠴᠢᠭᠤᠯᠵᠤ᠂ ᠨᠡᠶᠢᠲᠡ ᠵᠤᠷᠴᠢᠭᠤᠯᠤᠭᠰᠠᠨ ᠠᠶᠠᠨᠴᠢᠨ ᠤ ᠳᠤᠭ᠎ᠠ 59.2 ᠲᠦᠮᠡ ᠳᠤ ᠬᠦᠷᠴᠡᠢ᠃ ᠲᠤᠮᠳᠠᠴᠢ ᠰᠠᠭᠤᠳᠠᠯ ᠤᠨ ᠨᠤᠷᠮ᠎ᠠ 95% ᠳ᠋ᠤ ᠬᠦᠷᠴᠦ᠂ ᠬᠠᠮᠤᠭ ᠤᠨ ᠶᠡᠬᠡ ᠳ᠋ᠡᠬᠡᠨ 99.4% ᠳ᠋ᠤ ᠬᠦᠷᠦᠭᠰᠡᠨ ᠪᠠᠶᠢᠨ᠎ᠠ᠃

    ᠦᠨᠦ ᠵᠢᠯ ᠤᠨ 9 ᠰᠠᠷ᠎ᠠ ᠶᠢᠨ 21 ᠤ ᠡᠳᠤᠷ᠂ 7 ᠬᠤᠤᠰ《ᠹᠦ᠋ ᠰᠢᠩ ᠨᠤᠮᠧᠷᠳᠤ》 ᠬᠤᠷᠳᠤᠨ ᠤ ᠭᠠᠯᠳᠤ ᠳᠡᠷᠬᠡ ᠪᠡᠭᠡᠵᠢᠩ ᠱᠠᠩᠬᠠᠢ ᠬᠤᠷᠳᠤᠨ ᠤ ᠵᠠᠮ ᠢᠶᠡᠷ ᠴᠠᠭ ᠲᠤ 350 ᠺᠢᠯᠤᠮᠧᠲ᠋ᠷ ᠤᠨ ᠬᠤᠷᠳᠤᠴᠠ ᠪᠡᠷ ᠲᠠᠰᠤᠯᠪᠤᠷᠢ ᠬᠤᠳᠠᠯᠳᠤᠭᠠᠯᠠᠨ ᠠᠶᠠᠯᠠᠭᠰᠠᠨ ᠢᠶᠡᠷ ᠪᠡᠭᠡᠵᠢᠩ ᠱᠠᠩᠬᠠᠢ ᠬᠤᠶᠠᠷ ᠭᠠᠵᠠᠷ ᠤᠨ ᠬᠤᠭᠤᠷᠤᠨᠳᠤᠬᠢ ᠠᠶᠠᠯᠠᠯ ᠤᠨ ᠬᠤᠭᠤᠴᠠᠭ᠎ᠠ ᠶᠢ 4 ᠴᠠᠭ 30 ᠭᠠᠷᠤᠢ ᠮᠢᠨᠦ᠋ᠲ ᠲᠤ ᠪᠤᠭᠤᠨᠢᠰᠬᠠᠵᠤ᠂ ᠲᠡᠯᠡᠬᠡᠢ ᠶᠢᠨ ᠬᠤᠷᠳᠤᠨ ᠤ ᠵᠠᠮ ᠤᠨ ᠠᠶᠠᠯᠠᠯ ᠳᠤ ᠰᠢᠨ᠎ᠡ ᠦᠯᠢᠭᠡᠷ ᠵᠢᠱᠢᠶ᠎ᠠ ᠪᠤᠯᠤᠭᠰᠠᠨ ᠪᠠᠶᠢᠨ᠎ᠠ᠃

ᠢᠷᠡᠯᠳᠡ᠄ ᠭᠤᠸᠠᠩᠮᠢᠩ ᠡᠳᠤᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121850357