蒙古文网站Logo
ᠰᠢᠨᠬᠤᠸᠠ ᠮᠤᠩᠭ᠋ᠤᠯ ᠨᠧᠲ

ᠬᠦᠬᠡᠬᠤᠳᠠ ᠶᠢᠨ ᠰᠦᠨᠢ ᠶᠢᠨ ᠠᠦ᠋ᠲ᠋ᠤᠪᠦ᠋ᠰ ᠦᠢᠯᠡᠴᠢᠯᠡᠬᠡ ᠪᠠᠨ ᠲᠦᠷ ᠵᠤᠬᠰᠤᠨ᠎ᠠ

2017-10-27 09:17

    ᠰᠢᠨᠬᠤᠸᠠ ᠨᠧᠲ   ᠬᠦᠬᠡᠬᠤᠳᠠ ᠶᠢᠨ 10 ᠰᠠᠷ᠎ᠠ ᠶᠢᠨ 25 ᠤ ᠡᠳᠤᠷ ᠤᠨ ᠴᠠᠬᠢᠯᠭᠠᠨ ᠮᠡᠳᠡᠬᠡ (ᠼᠤᠤ ᠵᠧᠨ) ᠬᠦᠬᠡᠬᠤᠳᠠ ᠶᠢᠨ ᠠᠦ᠋ᠲ᠋ᠤᠪᠦ᠋ᠰ ᠤᠨ ᠶᠡᠷᠦᠩᠬᠡᠢ ᠺᠤᠮᠫᠠᠨᠢ ᠡᠴᠡ ᠤᠶᠢᠯᠠᠭᠠᠭᠰᠠᠨ ᠢᠶᠡᠷ᠂ ᠤᠶᠢᠷ᠎ᠠ ᠳᠤ ᠡᠳᠤᠷ ᠬᠦᠢᠳᠡᠷᠡᠵᠤ ᠠᠶᠠᠨᠴᠢᠳ ᠴᠦᠬᠡᠷᠡᠭᠰᠡᠨ ᠡᠴᠡ ᠬᠦᠬᠡᠬᠤᠳᠠ ᠶᠢᠨ ᠰᠦᠨᠢ ᠶᠢᠨ 1᠂ 2 ᠨᠤᠮᠧᠷᠳᠤ ᠱᠤᠭᠤᠮ ᠤᠨ ᠠᠦ᠋ᠲ᠋ᠤᠪᠦ᠋ᠰ 10 ᠰᠠᠷ᠎ᠠ ᠶᠢᠨ 26 ᠤ ᠡᠳᠤᠷ ᠡᠴᠡ ᠡᠬᠢᠯᠡᠨ ᠦᠢᠯᠡᠴᠢᠯᠡᠬᠡ ᠪᠡᠨ ᠲᠦᠷ ᠵᠤᠬᠰᠤᠨ᠎ᠠ᠃ ᠬᠦᠬᠡᠬᠤᠳᠠ ᠶᠢᠨ ᠠᠦ᠋ᠲ᠋ᠤᠪᠦ᠋ᠰ ᠤᠨ ᠶᠡᠷᠦᠩᠬᠡᠢ ᠺᠤᠮᠫᠠᠨᠢ ᠶᠢᠨ ᠬᠠᠮᠢᠶᠠᠳᠠᠢ ᠬᠠᠷᠢᠭᠤᠴᠠᠯᠭᠠᠳᠠᠨ ᠤ ᠲᠠᠨᠢᠯᠴᠠᠭᠤᠯᠤᠭᠰᠠᠨ ᠢᠶᠡᠷ᠂ ᠤᠶᠢᠷ᠎ᠠ ᠳᠤ ᠡᠳᠤᠷ ᠬᠦᠢᠳᠡᠷᠡᠵᠤ ᠠᠶᠠᠨᠴᠢᠳ ᠴᠦᠬᠡᠷᠡᠭᠰᠡᠨ ᠡᠴᠡ ᠰᠦᠨᠢ ᠶᠢᠨ ᠠᠦ᠋ᠲ᠋ᠤᠪᠦ᠋ᠰ ᠤᠨ ᠦᠢᠯᠡᠴᠢᠯᠡᠬᠡ ᠲᠦᠷ ᠵᠤᠭᠰᠤᠨ᠎ᠠ᠃ ᠠᠦ᠋ᠲ᠋ᠤᠪᠦ᠋ᠰ ᠤᠨ ᠶᠡᠷᠦᠩᠬᠡᠢ ᠺᠤᠮᠫᠠᠨᠢ ᠠᠶᠠᠨᠴᠢᠳ ᠤᠨ ᠵᠤᠷᠴᠢᠬᠤ ᠪᠠᠶᠢᠳᠠᠯ ᠢ ᠤᠶᠢᠯᠠᠭᠠᠨ ᠴᠠᠭ ᠲᠤᠬᠠᠢ ᠳᠤᠨᠢ ᠦᠢᠯᠡᠴᠢᠯᠡᠬᠡ ᠬᠠᠩᠭ᠋ᠠᠨ᠎ᠠ ᠬᠡᠵᠡᠢ᠃

    ᠬᠦᠬᠡᠬᠤᠳᠠ ᠶᠢᠨ ᠰᠦᠨᠢ ᠶᠢᠨ 1᠂ 2 ᠨᠤᠮᠧᠷᠳᠤ ᠱᠤᠭᠤᠮ ᠤᠨ ᠠᠦ᠋ᠲ᠋ᠤᠪᠦ᠋ᠰ 2017 ᠤᠨ ᠤ 6 ᠰᠠᠷ᠎ᠠ ᠶᠢᠨ 29 ᠤ ᠡᠳᠤᠷ ᠡᠴᠡ ᠡᠬᠢᠯᠡᠨ ᠠᠶᠠᠯᠠᠵᠤ᠂ ᠰᠦᠨᠢ ᠶᠢᠨ 21᠄20 - 22᠄20 ᠴᠠᠭ ᠤᠨ ᠬᠤᠭᠤᠷᠤᠨᠳᠤ ᠠᠵᠢᠯᠯᠠᠵᠤ ᠪᠠᠶᠢᠵᠠᠢ᠃ ᠤᠳᠤ ᠪᠤᠯᠳᠠᠯ᠎ᠠ ᠲᠤᠰ ᠬᠤᠶᠠᠷ ᠱᠤᠭᠤᠮ ᠤᠨ ᠵᠤᠷᠴᠢᠭᠤᠯᠤᠭᠰᠠᠨ ᠠᠶᠠᠨᠴᠢᠨ ᠨᠢ ᠲᠠᠪᠬᠤᠷᠳᠠᠭᠰᠠᠨ ᠲᠤᠭ᠎ᠠ ᠪᠡᠷ 34500  ᠳ᠋ᠤ ᠬᠦᠷᠪᠡ᠃

    ᠡᠬᠦᠨ ᠡᠴᠡ ᠭᠠᠳᠠᠨ᠎ᠠ᠂ ᠬᠦᠬᠡᠳᠠᠯ᠎ᠠ ᠶᠢᠨ ᠲᠤᠰᠬᠠᠢ ᠱᠤᠭᠤᠮ ᠤᠨ ᠠᠦ᠋ᠲ᠋ᠤᠪᠦ᠋ᠰ ᠮᠦᠨ ᠠᠶᠠᠨᠴᠢᠳ ᠴᠦᠬᠡᠷᠡᠭᠰᠡᠨ ᠡᠴᠡ 10 ᠰᠠᠷ᠎ᠠ ᠶᠢᠨ 24 ᠤ ᠡᠳᠤᠷ ᠦᠢᠯᠡᠴᠢᠯᠡᠬᠡ ᠪᠡᠨ ᠨᠢᠬᠡᠨᠳᠡ ᠵᠤᠭᠰᠤᠪᠠ᠃ ᠲᠤᠰ ᠲᠤᠰᠬᠠᠢ ᠱᠤᠭᠤᠮ ᠤᠨ ᠠᠦ᠋ᠲ᠋ᠤᠪᠦ᠋ᠰ ᠨᠢ 2018 ᠤᠨ ᠳᠤ ᠡᠳᠤᠷ ᠲᠤᠯᠠᠭᠠᠷᠠᠪᠠᠯ ᠦᠢᠯᠡᠴᠢᠯᠡᠬᠡ ᠪᠠᠨ ᠰᠡᠷᠬᠦᠬᠡᠨ᠎ᠡ᠃

    ᠠᠦ᠋ᠲ᠋ᠤᠪᠦ᠋ᠰ ᠤᠨ ᠰᠠᠯᠠᠭ᠎ᠠ ᠮᠦᠴᠢᠷ ᠤᠨ ᠬᠢᠨ ᠢᠷᠡᠭᠡᠳᠤᠢ ᠳᠤ ᠪᠤᠳᠠᠳᠠᠢ ᠬᠡᠷᠡᠭᠯᠡᠬᠡ ᠶᠢ ᠦᠨᠳᠦᠰᠦᠯᠡᠨ ᠨᠡᠩ ᠤᠯᠠᠨ ᠲᠤᠰᠬᠠᠢ ᠱᠤᠭᠤᠮ ᠤᠨ ᠠᠦ᠋ᠲ᠋ᠤᠪᠦ᠋ᠰ ᠨᠡᠮᠡᠵᠤ ᠢᠷᠭᠡᠳ ᠤᠨ ᠵᠤᠷᠴᠢᠬᠤ ᠳᠤ ᠲᠦᠬᠦᠮ ᠦᠵᠡᠬᠦᠯᠦᠨ᠎ᠡ ᠬᠡᠵᠡᠢ᠃

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121862025