蒙古文网站Logo
ᠰᠢᠨᠬᠤᠸᠠ ᠮᠤᠩᠭ᠋ᠤᠯ ᠨᠧᠲ

ᠴᠠᠭ ᠲᠤ 250 ᠺᠢᠯᠤᠮᠧᠲ᠋ᠷ ᠤᠨ ᠬᠤᠷᠳᠤᠴᠨ ᠲᠠᠢ 《 ᠹᠦ᠋ ᠰᠢᠩ ᠨᠡᠷᠡᠮᠵᠢᠲᠦ》 ᠬᠤᠷᠳᠤᠨ ᠤ ᠭᠠᠯᠳᠤ ᠶᠢᠨ ᠰᠤᠳᠤᠯᠤᠨ ᠦᠢᠯᠡᠳᠬᠦ ᠠᠵᠢᠯ ᠡᠬᠢᠯᠡᠪᠡ

2017-10-27 09:15

    《ᠹᠦ᠋ ᠰᠢᠩ ᠨᠡᠷᠡᠮᠵᠢᠳᠤ》  ᠶ᠋ᠢᠨ ᠤᠬᠰᠠᠭᠠᠨ ᠳᠤ ᠰᠢᠨ᠎ᠡ ᠬᠡᠰᠢᠬᠦᠨ ᠨᠡᠮᠡᠬᠦ ᠪᠡᠷ ᠪᠤᠢ᠃ 25 ᠤ ᠡᠳᠤᠷ᠂ ᠴᠠᠭ ᠪᠦᠷᠢ 250 ᠺᠢᠯᠤᠮᠧᠲ᠋ᠷ ᠤᠨ ᠬᠤᠷᠳᠤᠴᠨ ᠪᠡᠷ ᠠᠶᠠᠯᠠᠬᠤ 《ᠹᠦ᠋ ᠰᠢᠩ ᠨᠡᠷᠡᠮᠵᠢᠳᠤ》ᠲᠤᠮᠳᠠᠳᠤ ᠤᠯᠤᠰ ᠤᠨ ᠪᠠᠷᠢᠮᠵᠢᠶ᠎ᠠ ᠰᠤᠮᠤᠨ ᠭᠠᠯᠳᠤ ᠶᠢ ᠰᠤᠳᠤᠯᠤᠨ ᠦᠢᠯᠡᠳᠬᠦ ᠮᠡᠷᠬᠡᠵᠢᠯ ᠤᠨ ᠲᠦᠰᠦᠯ ᠡᠯᠰᠡᠬᠦ ᠠᠵᠢᠯᠯᠠᠭ᠎ᠠ ᠱᠠᠩᠬᠠᠢ ᠳᠤ ᠵᠤᠬᠢᠶᠠᠨ ᠪᠠᠶᠢᠭᠤᠯᠤᠭᠳᠠᠪᠠ᠂ ᠡᠨᠡ ᠨᠢ ᠲᠤᠰ ᠬᠤᠷᠳᠤᠴᠠ ᠶᠢᠨ ᠲᠦᠪᠰᠢᠨ ᠤ ᠪᠠᠷᠢᠮᠵᠢᠶ᠎ᠠ ᠬᠤᠷᠳᠤᠨ ᠤ ᠭᠠᠯᠳᠤ ᠶᠢ ᠰᠤᠳᠤᠯᠤᠨ ᠦᠢᠯᠡᠳᠬᠦ ᠠᠵᠢᠯ ᠠᠯᠪᠠᠨ ᠶᠤᠰᠤᠭᠠᠷ ᠡᠬᠢᠯᠡᠭᠰᠡᠨ ᠢ ᠬᠠᠷᠠᠭᠤᠯᠵᠤ ᠪᠠᠶᠢᠨ᠎ᠠ᠂ ᠬᠤᠯᠪᠤᠭᠳᠠᠯ ᠪᠦᠬᠦᠢ ᠰᠤᠳᠤᠯᠤᠨ ᠦᠢᠯᠡᠳᠬᠦ ᠠᠵᠢᠯ ᠢ ᠲᠤᠮᠳᠠᠳᠤ ᠤᠯᠤᠰ ᠤᠨ ᠲᠡᠮᠦᠷ ᠵᠠᠮ ᠤᠨ ᠶᠡᠷᠦᠩᠬᠡᠢ ᠺᠤᠮᠫᠠᠨᠢ ᠬᠠᠷᠢᠭᠤᠴᠠᠨ᠎ᠠ᠃

    ᠲᠤᠮᠳᠠᠳᠤ ᠤᠯᠤᠰ ᠤᠨ ᠲᠡᠮᠦᠷ ᠵᠠᠮ ᠤᠨ ᠶᠡᠷᠦᠩᠬᠡᠢ ᠺᠤᠮᠫᠠᠨᠢ ᠶᠢᠨ ᠬᠤᠯᠪᠤᠭᠳᠠᠯ ᠪᠦᠬᠦᠢ ᠬᠠᠷᠢᠭᠤᠴᠠᠯᠭᠠᠳᠠᠨ ᠤ ᠲᠠᠨᠢᠯᠴᠠᠭᠤᠯᠤᠭᠰᠠᠨ ᠢᠶᠡᠷ᠂ ᠲᠤᠮᠳᠠᠳᠤ ᠤᠯᠤᠰ ᠤᠨ ᠲᠡᠮᠦᠷ ᠵᠠᠮ ᠤᠨ ᠶᠡᠷᠦᠩᠬᠡᠢ ᠺᠤᠮᠫᠠᠨᠢ ᠶᠢᠨ ᠬᠤᠷᠳᠤᠨ ᠤ ᠭᠠᠯᠳᠤ ᠶᠢᠨ ᠮᠡᠷᠬᠡᠵᠢᠯ ᠤᠨ ᠲᠡᠭᠡᠳᠤ ᠲᠦᠪᠰᠢᠨ ᠤ ᠳ᠋ᠢᠽᠠᠶᠢᠨ ᠪᠤᠯᠤᠨ ᠶᠡᠷᠦᠩᠬᠡᠢ ᠲᠦᠯᠦᠪᠯᠡᠬᠡ ᠶᠢ ᠦᠨᠳᠦᠰᠦᠯᠡᠪᠡᠯ᠂ ᠬᠤᠯᠪᠤᠭᠳᠠᠯ ᠪᠦᠬᠦᠢ ᠺᠤᠮᠫᠠᠨᠢ ᠴᠠᠭ ᠲᠤ 350 ᠺᠢᠯᠤᠮᠧᠲ᠋ᠷ ᠤᠨ ᠬᠤᠷᠳᠤᠴᠠ ᠪᠡᠷ ᠠᠶᠠᠯᠠᠬᠤ《ᠹᠦ᠋ ᠰᠢᠩ ᠨᠡᠷᠡᠮᠵᠢᠳᠤ》ᠲᠤᠮᠳᠠᠳᠤ ᠤᠯᠤᠰ ᠤᠨ ᠪᠠᠷᠢᠮᠵᠢᠶ᠎ᠠ ᠬᠤᠷᠳᠤᠨ ᠤ ᠭᠠᠯᠳᠤ ᠶᠢᠨ ᠮᠡᠷᠬᠡᠵᠢᠯ ᠤᠨ ᠲᠦᠪᠰᠢᠨ ᠤ ᠰᠠᠭᠤᠷᠢᠨ ᠲᠡᠭᠡᠷ᠎ᠡ ᠲᠠᠬᠢᠭᠠᠳ ᠰᠢᠨᠵᠢᠯᠡᠬᠦ ᠤᠬᠠᠭᠠᠨ ᠲᠧᠭᠨᠤᠯᠤᠭᠢ ᠶᠢᠨ ᠰᠢᠨ᠎ᠡ ᠶᠢ ᠡᠬᠦᠳᠴᠦ᠂ ᠠᠳᠠᠯᠢ ᠪᠤᠰᠤ ᠬᠤᠷᠳᠤᠴᠠ᠂ ᠠᠳᠠᠯᠢ ᠪᠤᠰᠤ ᠤᠷᠴᠢᠨ ᠳᠤ ᠠᠰᠢᠭᠯᠠᠬᠤ《ᠹᠦ᠋ ᠰᠢᠩ ᠨᠡᠷᠡᠮᠵᠢᠳᠤ》ᠲᠤᠮᠳᠠᠳᠤ ᠤᠯᠤᠰ ᠤᠨ ᠪᠠᠷᠢᠮᠵᠢᠶ᠎ᠠ ᠬᠤᠷᠳᠤᠨ ᠤ ᠭᠠᠯᠳᠤ ᠶᠢᠨ ᠪᠦᠲᠦᠭᠡᠭ᠍ᠳᠡᠬᠦᠨ ᠰᠤᠳᠤᠯᠤᠨ ᠦᠢᠯᠡᠳᠬᠦ ᠪᠡᠷ ᠪᠠᠶᠢᠨ᠎ᠠ ᠬᠡᠵᠡᠢ᠃

    ᠬᠠᠮᠢᠶᠠᠳᠠᠢ ᠬᠠᠷᠢᠭᠤᠴᠠᠯᠭᠠᠳᠠᠨ ᠤ ᠲᠠᠨᠢᠯᠴᠠᠭᠤᠯᠤᠭᠰᠠᠨ ᠢᠶᠡᠷ᠂ ᠨᠢᠬᠡᠨᠳᠡ ᠠᠰᠢᠭᠯᠠᠯᠳᠠ ᠳᠤ ᠤᠷᠤᠭᠰᠠᠨ ᠴᠠᠭ ᠪᠦᠷᠢ 250 ᠺᠢᠯᠤᠮᠧᠲ᠋ᠷ ᠤᠨ ᠬᠤᠷᠳᠤᠴᠠ ᠲᠠᠢ《ᠾᠧ ᠰᠢᠶᠧ ᠨᠡᠷᠡᠮᠵᠢᠳᠤ》ᠬᠤᠷᠳᠤᠨ ᠤ ᠭᠠᠯᠳᠤ ᠲᠠᠢ ᠬᠠᠷᠢᠴᠠᠭᠤᠯᠪᠠᠯ᠂ ᠴᠠᠭ ᠪᠦᠷᠢ 250 ᠺᠢᠯᠤᠮᠧᠲ᠋ᠷ ᠤᠨ ᠬᠤᠷᠳᠤᠴᠠ ᠲᠠᠢ《ᠹᠦ᠋ ᠰᠢᠩ ᠨᠡᠷᠡᠮᠵᠢᠳᠤ》ᠲᠤᠮᠳᠠᠳᠤ ᠤᠯᠤᠰ ᠤᠨ ᠪᠠᠷᠢᠮᠵᠢᠶ ᠠ᠎ ᠬᠤᠷᠳᠤᠨ ᠤ ᠭᠠᠯᠳᠤ ᠶᠢ ᠪᠦᠬᠦ ᠲᠠᠯ᠎ᠠ ᠪᠡᠷ ᠪᠡᠶ᠎ᠠ ᠲᠠᠭᠠᠭᠠᠨ ᠦᠢᠯᠡᠳᠬᠦ ᠪᠦᠭᠡᠳ ᠲᠤᠮᠳᠠᠳᠤ ᠤᠯᠤᠰ ᠤᠨ ᠪᠠᠷᠢᠮᠵᠢᠶ᠎ᠠ ᠪᠡᠷ ᠰᠤᠳᠤᠯᠤᠨ ᠦᠢᠯᠡᠳᠬᠦ ᠶᠢ ᠪᠡᠶᠡᠯᠡᠬᠦᠯᠦᠨ᠎ᠡ᠃ ᠵᠦᠬᠡᠯᠡᠨ ᠲᠤᠨᠤᠭ᠂ ᠬᠠᠳᠠᠭᠤ ᠲᠤᠨᠤᠭ ᠤᠳ ᠢ ᠪᠦᠷ ᠦᠪᠡᠷ ᠢᠶᠡᠨ ᠵᠢᠷᠤᠵᠤ ᠲᠦᠰᠦᠪᠯᠡᠨ᠂ ᠦᠢᠯᠡᠳᠬᠦ ᠪᠤᠶᠤ ᠵᠠᠭᠪᠤᠷ ᠰᠤᠩᠭ᠋ᠤᠬᠤ ᠳᠤ ᠪᠦᠷ ᠦᠪᠡᠷ ᠤᠨ ᠤᠶᠤᠨ ᠤ ᠦᠮᠴᠢ ᠶᠢᠨ ᠡᠷᠬᠡ ᠲᠠᠢ᠃

    ᠡᠬᠦᠨ ᠤ ᠬᠠᠮᠳᠤ᠂ ᠴᠠᠭ ᠪᠦᠷᠢ 250 ᠺᠢᠯᠤᠮᠧᠲ᠋ᠷ ᠤᠨ ᠬᠤᠷᠳᠤᠴᠠ ᠲᠠᠢ《ᠹᠦ᠋ ᠰᠢᠩ ᠨᠡᠷᠡᠮᠵᠢᠳᠤ》ᠲᠤᠮᠳᠠᠳᠤ ᠤᠯᠤᠰ ᠤᠨ ᠪᠠᠷᠢᠮᠵᠢᠶ᠎ᠠ᠎ ᠬᠤᠷᠳᠤᠨ ᠤ ᠭᠠᠯᠳᠤ ᠶᠢᠨ ᠠᠶᠠᠯᠠᠬᠤ ᠶᠠᠪᠤᠴᠠ ᠳ᠋ᠡᠬᠢ ᠰᠠᠭᠠᠳᠠᠯ ᠬᠦᠴᠦ᠂ ᠵᠠᠷᠤᠴᠠᠭᠤᠯᠬᠤ ᠡᠷᠴᠢᠮ ᠬᠦᠴᠦ᠂ ᠱᠤᠤᠭᠢᠶ᠎ᠠ ᠲᠠᠭᠤ ᠵᠡᠷᠬᠡ ᠨᠢ ᠨᠡᠩ ᠲᠡᠭᠡᠳᠤ ᠲᠦᠪᠰᠢᠨ ᠳᠤ ᠬᠦᠷᠴᠦ᠂ ᠬᠤᠷᠳᠤᠨ ᠤ ᠭᠠᠯᠳᠤ ᠶᠢᠨ ᠪᠦᠬᠦᠯᠢ ᠴᠤᠭᠴᠠ ᠪᠤᠯᠤᠨ ᠵᠠᠩᠬᠢᠯᠠᠭ᠎ᠠ ᠶᠢᠨ ᠰᠢᠰᠲ᠋ᠧᠮ ᠤᠨ ᠴᠢᠳᠠᠪᠬᠢ ᠶᠢ ᠲᠡᠯᠡᠬᠡᠢ ᠶᠢᠨ ᠲᠡᠷᠢᠬᠦᠨ ᠤ ᠲᠦᠪᠰᠢᠨ ᠳᠤ ᠬᠦᠷᠭᠡᠨ᠎ᠡ᠃ ᠲᠠᠷᠠᠭᠠᠴᠢ ᠶᠢᠨ ᠠᠯᠬᠤᠮ ᠳᠤ᠂ ᠲᠤᠮᠳᠠᠳᠤ ᠤᠯᠤᠰ ᠤᠨ ᠲᠡᠮᠦᠷ ᠵᠠᠮ ᠤᠨ ᠶᠡᠷᠦᠩᠬᠡᠢ ᠺᠤᠮᠫᠠᠨᠢ ᠡᠴᠡ ᠴᠠᠭ ᠲᠤ 250 ᠺᠢᠯᠤᠮᠧᠲ᠋ᠷ ᠤᠨ ᠬᠤᠷᠳᠤᠴᠠ ᠲᠠᠢ《ᠹᠦ᠋ ᠰᠢᠩ ᠨᠡᠷᠡᠮᠵᠢᠳᠤ》ᠲᠤᠮᠳᠠᠳᠤ ᠤᠯᠤᠰ ᠤᠨ ᠪᠠᠷᠢᠮᠵᠢᠶ᠎᠎ᠠ ᠬᠤᠷᠳᠤᠨ ᠤ ᠭᠠᠯᠳᠤ  ᠶᠢᠨ ᠮᠡᠷᠬᠡᠵᠢᠯ ᠤᠨ ᠲᠦᠰᠦᠯ ᠢ ᠲᠤᠭᠳᠠᠭᠠᠵᠤ᠂ ᠵᠠᠭᠪᠤᠷ ᠲᠡᠷᠬᠡ ᠰᠤᠳᠤᠯᠤᠨ ᠦᠢᠯᠡᠳᠬᠦ ᠠᠵᠢᠯ ᠢ ᠵᠤᠬᠢᠶᠠᠨ ᠪᠠᠶᠢᠭᠤᠯᠵᠤ ᠡᠬᠢᠯᠡᠬᠦᠯᠦᠨ᠎ᠡ᠃

ᠢᠷᠡᠯᠳᠡ᠄ ᠰᠢᠨᠵᠢᠯᠡᠬᠦ ᠤᠬᠠᠭᠠᠨ ᠲᠧᠭᠨᠤᠯᠤᠬᠢ ᠶᠢᠨ ᠡᠳᠤᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121862061