蒙古文网站Logo
ᠰᠢᠨᠬᠤᠸᠠ ᠮᠤᠩᠭ᠋ᠤᠯ ᠨᠧᠲ

ᠰᠡᠷᠬᠦᠯᠡᠩ᠄ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠳᠠᠯ᠎ᠠ ᠨᠤᠳᠤᠭ ᠲᠤ ᠦᠨᠳᠦᠰᠦᠯᠡᠬᠦᠯᠦᠨ᠎ᠡ

2017-11-03 18:26

    ᠰᠢᠨᠬᠤᠧᠠ ᠬᠤᠷᠢᠶ᠎ᠠ   ᠬᠦᠬᠡᠬᠤᠳᠠ ᠶᠢᠨ 11 ᠰᠠᠷ᠎ᠠ ᠶᠢᠨ 1 ᠤ ᠡᠳᠦᠷ ᠤᠨ ᠴᠠᠬᠢᠯᠭᠠᠨ ᠮᠡᠳᠡᠭᠡ (ᠰᠤᠷᠪᠤᠯᠵᠢᠯᠠᠭᠴᠢ ᠯᠢᠦ ᠢ ᠳ᠋ᠧ) ᠰᠡᠷᠢᠬᠦᠦ ᠳᠠᠳᠠᠭᠰᠠᠨ ᠬᠦᠨ ᠨᠠᠮᠤᠷ ᠤᠨ ᠨᠢᠬᠡᠨ ᠡᠳᠦᠷ᠂ ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠳᠠᠯ᠎ᠠ ᠪᠡᠷ ᠳᠤᠭᠤᠰᠤ ᠳᠠᠳᠠᠭᠤᠯᠤᠨ ᠳᠠᠪᠬᠢᠬᠤ ᠮᠠᠰᠢᠨ ᠳᠤᠳᠤᠷ᠎ᠠ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠳᠦᠯᠦᠬᠡᠯᠡᠭᠴᠢ ᠰᠡᠷᠬᠦᠯᠡᠩ ᠤᠬᠠᠭᠤᠯᠤᠨ ᠳᠠᠶᠢᠯᠪᠤᠷᠢᠯᠠᠬᠤ ᠬᠦᠳᠦᠯᠪᠦᠷᠢ ᠪᠡᠨ ᠨᠠᠷᠢᠨ ᠬᠢᠨᠠᠮᠠᠭᠠᠢ ᠤᠩᠰᠢᠵᠤ ᠶᠠᠪᠤᠨ᠎ᠠ᠃ 10 ᠰᠠᠷ᠎ᠠ ᠶᠢᠨ 30 ᠤ ᠦᠳᠡ ᠳᠤ᠂ ᠳᠡᠷᠡᠪᠡᠷ ᠳᠤᠰ ᠬᠤᠰᠢᠭᠤᠨ ᠤ ᠡᠷᠡᠬᠦᠯ ᠬᠠᠮᠠᠭᠠᠯᠠᠯ ᠤᠨ ᠰᠢᠰᠲ᠋ᠧᠮ  ᠳᠤ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠤᠬᠠᠭᠤᠯᠤᠨ ᠳᠠᠶᠢᠯᠪᠤᠷᠢᠯᠠᠵᠤ ᠳᠠᠭᠤᠰᠤᠭᠠᠳ ᠳᠦᠬᠦᠮᠬᠡᠨ ᠬᠤᠭᠤᠯᠠᠯᠠᠮᠠᠭᠴᠠ ᠪᠠᠶᠠᠨᠨᠠᠭᠤᠷ ᠭᠠᠴᠠᠭ᠎ᠠ ᠶᠢ ᠴᠢᠭᠯᠡᠵᠤ ᠶᠠᠪᠤᠭ᠎ᠠ ᠨᠢ ᠡᠨᠡ ᠪᠢᠯᠡ᠃

    ᠰᠡᠷᠬᠦᠯᠡᠩ ᠪᠤᠯ ᠦᠪᠦᠷ ᠮᠤᠩᠭᠤᠯ ᠤᠨ ᠰᠢᠯᠤᠭᠤᠨ ᠬᠦᠬᠡ ᠬᠤᠰᠢᠭᠤᠨ ᠤ ᠮᠤᠩᠭᠤᠯ ᠡᠮᠨᠡᠯᠬᠡ ᠶᠢᠨ ᠳᠡᠳ᠋ ᠳᠠᠷᠤᠭ᠎ᠠ᠃ ᠪᠠᠶᠠᠨᠨᠠᠭᠤᠷ ᠭᠠᠴᠠᠭ᠎ᠠ ᠨᠢ ᠳᠡᠬᠦᠨ ᠤ ᠡᠮᠨᠡᠯᠬᠡ  ᠶᠢᠨ ᠳᠡᠳᠬᠦᠵᠤ ᠪᠠᠶᠢᠭ᠎ᠠ ᠶᠠᠳᠠᠭᠤ ᠭᠠᠴᠠᠭ᠎ᠠ᠂ ᠮᠥᠨᠴᠤ ᠳᠡᠬᠦᠨ ᠤ ᠬᠦᠳᠡᠬᠡ ᠤᠷᠤᠨ ᠨᠤᠳᠤᠭ ᠲᠤ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠤᠬᠠᠭᠤᠯᠤᠨ ᠳᠠᠶᠢᠯᠪᠤᠷᠢᠯᠠᠬᠤ ᠠᠩᠬᠠᠨ ᠤ ᠦᠷᠳᠡᠬᠡ ᠨᠢ ᠪᠤᠯᠬᠤ ᠶᠤᠮ᠃ 《ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠳᠤ ᠤᠷᠤᠯᠴᠠᠭᠰᠠᠨ ᠮᠠᠨᠢ ᠮᠢᠨᠤ ᠬᠤᠪᠢ ᠳᠤ ᠨᠢᠬᠡᠨ ᠤᠳᠠᠭᠠᠨ ᠤ ᠵᠤᠷᠢᠭ ᠰᠠᠨᠠᠭᠠᠨ ᠤ ᠤᠬᠢᠶᠠᠯᠭ᠎ᠠ ᠪᠠᠶᠢᠯ᠎ᠠ》ᠬᠡᠵᠤ ᠰᠡᠷᠬᠦᠯᠡᠩ ᠬᠡᠯᠡᠨ᠎ᠡ᠃ ᠳᠡᠬᠦᠨ ᠳᠤ ᠬᠠᠮᠤᠭ ᠤᠨ ᠶᠡᠬᠡ ᠰᠠᠭᠤᠭᠳᠠᠯ ᠦᠯᠡᠳᠡᠬᠡᠭᠰᠡᠨ ᠨᠢ ᠳᠠᠷᠤᠢ《ᠬᠤᠷᠠᠯ ᠰᠠᠶᠢᠬᠠᠨ᠂ ᠴᠠᠭ ᠦᠶ᠎ᠡ ᠰᠠᠶᠢᠬᠠᠨ᠂ ᠢᠷᠡᠬᠡᠳᠦᠢ ᠰᠠᠶᠢᠬᠠᠨ》᠃ ᠳᠡᠷᠡᠪᠡᠷ ᠪᠠᠰᠠ 《ᠪᠢ ᠬᠤᠷᠠᠯ ᠤᠨ ᠢᠯᠡᠳᠬᠡᠯ ᠳ᠋ᠡᠬᠢ ᠤᠯᠠᠨ ᠳᠦᠮᠡᠨ ᠤ ᠬᠠᠮᠤᠭ ᠤᠨ ᠠᠩᠬᠠᠷᠴᠤ ᠬᠠᠯᠠᠮᠵᠢᠯᠠᠵᠤ ᠪᠠᠶᠢᠭ᠎ᠠ᠂ ᠬᠠᠮᠤᠭ ᠤᠨ ᠢᠯᠡᠭᠦᠦ ᠮᠡᠳᠡᠶ᠎ᠡ ᠬᠡᠵᠤ ᠪᠠᠶᠢᠭ᠎ᠠ᠂ ᠬᠠᠮᠤᠭ ᠤᠨ ᠢᠯᠡᠭᠦᠦ ᠤᠶᠢᠯᠠᠭᠠᠶ᠎ᠠ ᠬᠡᠵᠤ ᠪᠠᠶᠢᠭ᠎ᠠ ᠳᠤᠮᠳᠠᠳᠤ ᠤᠯᠤᠰ ᠤᠨ ᠢᠷᠡᠬᠡᠳᠦᠢ ᠶᠢᠨ ᠳᠠᠯ᠎ᠠ ᠪᠡᠷ ᠬᠢ ᠵᠦᠢᠯᠡᠰ ᠢ ᠮᠠᠯᠵᠢᠬᠤ ᠤᠷᠤᠨ ᠳᠤ ᠬᠦᠷᠴᠤ ᠳᠠᠶᠢᠯᠪᠤᠷᠢᠯᠠᠨ᠎ᠠ》ᠬᠡᠯ᠎ᠡ᠃

    ᠴᠠᠭ ᠭᠠᠷᠤᠢ ᠠᠶᠠᠯᠠᠭᠠᠳ ᠰᠡᠷᠬᠦᠯᠡᠩ ᠪᠠᠶᠠᠨᠨᠠᠭᠤᠷ ᠭᠠᠴᠠᠭᠠᠨ ᠳᠤ ᠬᠦᠷᠬᠦ ᠳᠤ ᠮᠠᠯᠴᠢᠳ ᠳᠡᠬᠦᠨ ᠢ ᠬᠠᠯᠠᠭᠤᠨ ᠢᠶᠡᠷ ᠤᠭᠳᠤᠯ᠎ᠠ᠃ ᠪᠠᠶᠠᠨᠨᠠᠭᠤᠷ ᠭᠠᠴᠠᠭᠠᠨ ᠤ ᠨᠠᠮ ᠤᠨ ᠡᠬᠦᠷ ᠤᠨ ᠱᠦᠵᠢ᠂ 41 ᠨᠠᠰᠤᠳᠠᠢ ᠪᠠᠭᠠᠳᠤᠷ᠂ ᠰᠡᠷᠬᠦᠯᠡᠩ ᠡᠮᠴᠢ ᠮᠠᠯᠵᠢᠬᠤ ᠤᠷᠤᠨ ᠶᠢᠡᠷ 20 ᠭᠠᠷᠤᠢ ᠵᠢᠯ ᠡᠮᠴᠢᠯᠡᠬᠡ ᠬᠢᠵᠤ ᠶᠠᠪᠤᠭᠰᠠᠨ᠂ ᠵᠠᠯᠭ᠎ᠠ ᠮᠤᠲ᠋ᠤᠷ ᠤᠨᠤᠬᠤ ᠦᠬᠡᠢ ᠪᠤᠯ ᠲᠷᠠᠺᠲ᠋ᠤᠷ ᠲᠤ ᠰᠠᠭᠤᠵᠤ ᠡᠰᠡᠬᠦᠯ᠎ᠡ ᠶᠠᠪᠠᠭᠠᠨ ᠢᠶᠡᠷ ᠮᠠᠯᠴᠢᠳ ᠤᠨ ᠬᠡᠷ ᠲᠤ ᠬᠦᠷᠴᠤ ᠡᠪᠡᠳᠴᠢᠨ ᠦᠵᠡᠳᠡᠭ᠂ ᠡᠪᠡᠳᠴᠢᠨ ᠢᠶᠡᠨ ᠡᠮᠨᠡᠭᠦᠯᠦᠭᠰᠡᠨ ᠮᠠᠯᠴᠢᠳ ᠬᠤᠵᠢᠮ ᠨᠢ ᠴᠦᠮ ᠳᠡᠬᠦᠨ ᠤ ᠨᠠᠶᠢᠵᠠ ᠪᠤᠯᠤᠭᠰᠠᠨ ᠬᠡᠵᠡᠢ᠃ ᠰᠡᠷᠬᠦᠯᠡᠩ ᠬᠦᠳᠦᠯᠪᠦᠷᠢ ᠪᠡᠨ ᠭᠠᠷᠭᠠᠨ ᠰᠤᠷᠠᠭ ᠢᠶᠡᠷ ᠬᠦᠷᠦᠯᠴᠡᠨ ᠢᠷᠡᠭᠰᠡᠨ ᠮᠠᠯᠴᠢᠳ ᠲᠤ ᠨᠠᠮ ᠤᠨ ᠠᠷᠪᠠ ᠶᠢᠰᠦᠳᠦᠬᠡᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠳᠡᠷᠡ ᠳᠠᠷᠤᠢ ᠳᠠᠶᠢᠯᠪᠤᠷᠢᠯᠠᠵᠤ ᠭᠠᠷᠤᠯ᠎ᠠ᠃ ᠳᠠᠶᠢᠯᠪᠤᠷᠢᠯᠠᠵᠤ ᠶᠠᠷᠢᠬᠤ ᠳᠠᠭᠤᠨ᠂ ᠠᠰᠠᠭᠤᠯᠳᠠ ᠠᠰᠠᠭᠤᠬᠤ ᠳᠠᠭᠤᠨ᠂ ᠪᠠᠶᠠᠷᠯᠠᠨ ᠬᠦᠬᠡᠷᠦᠯᠳᠦᠬᠦ ᠳᠠᠭᠤᠨ ᠬᠢᠬᠡᠳ ᠦᠶ᠎ᠡ ᠦᠶ᠎ᠡ ᠠᠯᠠᠭ᠎ᠠ ᠳᠠᠰᠢᠬᠤ ᠳᠠᠭᠤᠨ ᠨᠡᠶᠢᠯᠡᠬᠡᠳ ᠳᠤᠯᠠᠭᠠᠯᠠᠭ᠎ᠠ ᠬᠠᠩᠭᠠᠭ᠎ᠠ ᠦᠬᠡᠢ ᠪᠠᠶᠢᠭᠰᠠᠨ ᠭᠠᠴᠠᠭᠠᠨ ᠵᠦᠪᠯᠡᠯ ᠤᠨ ᠴᠢᠯᠳᠡᠩ ᠬᠡᠷ ᠢ ᠳᠤᠤᠷ᠎ᠠ ᠨᠢ ᠪᠦᠯᠢᠶᠡᠰᠭᠡᠪᠡ᠃

    ᠰᠡᠷᠭᠦᠯᠡᠩ᠄《ᠲᠠᠪᠤᠨ ᠵᠢᠯ ᠤᠨ ᠲᠤᠷᠰᠢ᠂ ᠮᠠᠨ ᠤ ᠨᠠᠮ ᠪᠤᠯᠤᠨ ᠤᠯᠤᠰ ᠤᠨ ᠠᠵᠢᠯ ᠦᠢᠯᠡᠰ ᠲᠤ ᠲᠡᠤᠬᠡᠲᠤ ᠴᠢᠨᠠᠷᠲᠠᠢ ᠬᠤᠪᠢᠷᠠᠯᠲᠠ ᠭᠠᠷᠴᠠᠢ᠂ ᠡᠳᠡᠭᠡᠷ ᠬᠤᠪᠢᠷᠠᠯᠲᠠ ᠬᠦᠭ᠍ᠵᠢᠯᠲᠠ  ᠶᠠᠭ ᠮᠠᠨ ᠤ ᠬᠠᠵᠠᠭᠤ ᠳᠤ ᠪᠤᠢ᠃ ᠵᠢᠱᠢᠶᠡᠯᠡᠪᠡᠯ ᠮᠠᠨ ᠤ ᠰᠤᠮᠤ ᠰᠢᠶᠠᠩ ᠪᠠᠯᠭᠠᠰᠤᠨ ᠤ ᠡᠮᠨᠡᠯᠭᠡ ᠴᠦᠮ ᠲᠡᠷᠢᠭᠦᠨ ᠤ ᠡᠮ ᠡᠮᠨᠡᠯᠭᠡ ᠶᠢᠨ ᠳᠡᠳ᠋ ᠪᠦᠲᠦᠴᠡ ᠲᠠᠢ ᠪᠤᠯᠵᠤ᠂ ᠭᠠᠴᠠᠭᠠᠨ ᠤ ᠪᠠᠷᠢᠮᠵᠢᠶᠠᠵᠢᠭᠰᠠᠨ ᠡᠷᠡᠭᠦᠯ ᠬᠠᠮᠠᠭᠠᠯᠠᠯ ᠤᠨ ᠡᠷᠦᠬᠡ ᠪᠤᠯᠤᠨ ᠡᠷᠡᠭᠦᠯ ᠮᠡᠨᠲᠤ ᠶᠢᠨ ᠬᠦᠷᠢᠶᠡᠯᠡᠩ ᠳᠤ ᠡᠮ ᠤᠨ ᠬᠠᠶᠢᠷᠴᠠᠭ ᠨᠡᠶᠢᠳᠡᠮ ᠪᠦᠷᠬᠦᠬᠦ ᠶᠢ ᠪᠡᠶᠡᠯᠡᠭᠦᠯᠵᠤ᠂ ᠬᠤᠰᠢᠭᠤᠨ ᠳᠡᠭᠡᠷ᠎ᠠ ᠵᠢᠯ ᠪᠦᠷᠢ ᠨᠦᠬᠦᠴᠡᠯ ᠳᠤ ᠨᠡᠶᠢᠴᠡᠭᠰᠡᠨ ᠨᠠᠰᠤᠲᠠᠶᠢᠴᠤᠳ ᠨᠢᠯᠬᠠᠰ ᠲᠤ ᠲᠦᠯᠦᠪᠦᠷᠢ ᠦᠭᠡᠢ ᠪᠡᠶ᠎ᠠ ᠶᠢᠨ ᠪᠠᠶᠢᠴᠠᠭᠠᠯᠲᠠ ᠬᠢᠵᠤ ᠦᠭ᠍ᠴᠤ ᠪᠤᠢ ᠁ ᠡᠳᠡᠭᠡᠷ ᠵᠦᠢᠯ ᠪᠦᠷᠢ ᠶᠢᠨ ᠬᠦᠭ᠍ᠵᠢᠯᠲᠠ ᠬᠤᠪᠢᠷᠠᠯᠲᠠ ᠶᠢ ᠪᠡᠶ᠎ᠠ ᠪᠡᠷ ᠢᠶᠡᠨ ᠦᠩᠭᠡᠷᠡᠭᠦᠯᠦᠭᠰᠡᠨ ᠮᠠᠯᠴᠢᠳ ᠲᠦᠷᠦ ᠶᠢᠨ ᠪᠤᠳᠤᠯᠭ᠎ᠠ ᠶᠢᠨ ᠬᠡᠷᠡᠭᠵᠢᠭᠦᠯᠦᠯᠲᠠ ᠳᠤ ᠰᠡᠳᠬᠢᠯ ᠬᠠᠨᠤᠮᠵᠢᠲᠠᠢ ᠪᠠᠶᠢᠨ᠎ᠠ》ᠭᠡᠵᠡᠢ᠃

    ᠰᠡᠷᠭᠦᠯᠡᠩ ᠶᠠᠷᠢᠶᠠᠨ ᠳᠤ ᠪᠡᠨ᠄《ᠮᠠᠨ ᠤ ᠨᠠᠮ ᠡᠳ᠋ ᠤᠨ ᠵᠠᠰᠠᠭ ᠨᠡᠶᠢᠭᠡᠮ ᠤᠨ ᠬᠦᠭ᠍ᠵᠢᠯᠲᠠ ᠪᠤᠯᠤᠨ ᠢᠷᠭᠡᠳ ᠤᠨ ᠠᠮᠢᠳᠤᠷᠠᠯ ᠤᠨ ᠲᠦᠪᠰᠢᠨ ᠢ ᠳᠡᠭᠡᠭ᠍ᠰᠢᠯᠡᠭᠦᠯᠬᠦ ᠳᠤ ᠲᠤᠳᠤᠷᠬᠠᠢ ᠰᠡᠳᠭᠢᠮᠵᠢ ᠪᠠ ᠬᠦᠢᠴᠡᠳ ᠪᠡᠯᠡᠳᠭᠡᠯ ᠲᠠᠢ᠃ ᠪᠢᠳᠠ ᠨᠠᠮ ᠤᠨ ᠲᠦᠪ ᠬᠤᠷᠢᠶᠠᠨ ᠤ ᠤᠳᠤᠷᠢᠳᠤᠯᠭ᠎ᠠ ᠶᠢ ᠳᠠᠭᠠᠵᠤ ᠯᠡ ᠪᠠᠶᠢᠪᠠᠯ ᠠᠮᠢᠳᠤᠷᠠᠯ ᠡᠳᠦᠷ ᠡᠴᠡ ᠡᠳᠦᠷ ᠰᠠᠶᠢᠵᠢᠷᠠᠵᠤ᠂ ᠤᠯᠤᠰ ᠤᠷᠤᠨ ᠡᠳᠦᠷ ᠡᠴᠡ ᠡᠳᠦᠷ ᠬᠦᠴᠦᠷᠬᠡᠭ᠍ᠵᠢᠨ᠎ᠠ》 ᠬᠡᠮᠡᠨ ᠴᠢᠬᠤᠯᠠᠴᠢᠯᠠᠨ ᠶᠠᠷᠢᠵᠤ ᠮᠠᠯᠴᠢᠳ ᠤᠨ ᠬᠠᠯᠠᠭᠤᠨ ᠬᠦᠷᠢᠶᠡᠯᠡᠯ ᠢ ᠤᠯᠤᠯ᠎ᠠ᠃

    ᠰᠡᠷᠭᠦᠯᠡᠩ ᠪᠠᠶᠠᠨᠨᠠᠭᠤᠷ ᠭᠠᠴᠠᠭᠠᠨ ᠳᠡᠬᠢ ᠶᠡᠷᠢᠶ᠎ᠠ ᠪᠡᠨ ᠳᠠᠭᠤᠰᠬᠠᠭᠠᠳ ᠬᠦᠮᠦᠰ ᠤᠨ ᠠᠩᠬᠠᠷᠴᠤ ᠪᠤᠢ ᠬᠦᠳᠡᠭᠡ ᠲᠤᠰᠬᠤᠨ ᠤ ᠬᠦᠭ᠍ᠵᠢᠯᠲᠠ᠂ ᠶᠠᠳᠠᠭᠤ ᠡᠴᠡ ᠠᠩᠭᠢᠵᠢᠷᠠᠬᠤ ᠪᠤᠭᠤᠮᠲᠠ ᠰᠢᠪᠲᠤᠯᠬᠤ ᠵᠡᠷᠭᠡ ᠠᠰᠠᠭᠤᠳᠠᠯ ᠤᠳ ᠢ ᠲᠡᠮᠳᠡᠭᠯᠡᠬᠦ ᠶᠢᠨ ᠬᠠᠮᠲᠤ ᠮᠡᠳᠡᠭᠦᠯᠦᠯᠲᠡ ᠶᠢᠨ  ᠶᠢᠡᠨ ᠬᠠᠮᠢᠶ᠎ᠠ ᠪᠦᠬᠦᠢ ᠠᠭᠤᠯᠭ᠎ᠠ ᠶᠢ ᠮᠣᠩᠭ᠋᠋ᠤᠯᠴᠢᠯᠠᠨ ᠪᠢᠴᠢᠵᠤ ᠠᠪᠤᠪᠠ᠃ ᠲᠡᠷᠡ ᠪᠠᠰᠠ᠄《ᠮᠠᠯᠵᠢᠬᠤ ᠤᠷᠤᠨ ᠤ ᠦᠨᠳᠦᠰᠦᠨ ᠱᠠᠲᠤᠨ ᠳᠤ ᠭᠦᠨᠵᠡᠭᠡᠶᠢᠷᠡᠨ᠂ ᠶᠡᠷᠢᠶ᠎ᠠ ᠢᠯᠡᠳᠭᠡᠯ ᠢᠶᠡᠨ ᠬᠦᠮᠦᠰ ᠤᠨ ᠰᠠᠳᠬᠢᠯ ᠳᠤ ᠬᠦᠷᠭᠡᠵᠤ ᠴᠢᠳᠠᠪᠠᠯ ᠰᠠᠶ᠊ᠢ ᠮᠠᠯᠴᠢᠳ ᠤᠨ ᠳᠡᠮᠵᠢᠯᠭᠡ ᠬᠦᠷᠢᠶᠡᠯᠡᠯ ᠢ ᠤᠯᠵᠤ ᠴᠢᠳᠠᠨ᠎ᠠ᠂ ᠪᠢ ᠳᠤᠷᠠᠲᠠᠶ᠎ᠠ〈ᠵᠢᠷᠭᠢᠨ ᠨᠢᠰᠦᠭᠡ ᠪᠤᠯᠵᠤᠮᠤᠷ〉 ᠪᠤᠯᠵᠤ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠦᠨᠴᠦᠭ ᠪᠤᠯᠤᠩ ᠪᠦᠷᠢ ᠳᠤ ᠬᠦᠷᠭᠡᠨ᠂ ᠨᠠᠮ ᠤᠨ ᠠᠷᠪᠠ ᠶᠢᠰᠦᠳᠦᠭᠡᠷ ᠶᠡᠬᠡ ᠬᠤᠷᠠᠯ ᠤᠨ ᠵᠤᠷᠢᠭ ᠰᠠᠨᠠᠭ᠎ᠠ ᠶᠢ ᠲᠠᠯ᠎ᠠ ᠨᠤᠲᠤᠭ ᠲᠤ ᠦᠨᠳᠦᠰᠦᠯᠡᠭᠦᠯᠦᠨ᠎ᠠ 》 ᠭᠡᠯ᠎ᠠ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121903290