蒙古文网站Logo
ᠰᠢᠨᠬᠤᠸᠠ ᠮᠤᠩᠭ᠋ᠤᠯ ᠨᠧᠲ

ᠪᠡᠭᠡᠵᠢᠩ ᠬᠦᠨᠳᠤ ᠪᠤᠬᠢᠷᠳᠤᠯ ᠤᠨ ᠤᠯᠠᠪᠤᠷ ᠰᠡᠷᠡᠮᠵᠢ ᠶᠢᠨ ᠲᠤᠬᠢᠶ᠎ᠠ ᠨᠡᠶᠢᠳᠡᠯᠡᠪᠡ

2017-11-04 12:45

    ᠴᠠᠭ ᠠᠭᠠᠷ ᠤᠨ ᠰᠦᠭᠡᠷᠬᠦ ᠨᠦᠬᠦᠴᠡᠯ ᠪᠤᠯᠤᠨ ᠡᠪᠤᠯ ᠤᠨ ᠲᠤᠯᠠᠭᠠᠯᠠᠭ᠎ᠠ ᠤᠷᠢᠳᠴᠢᠯᠠᠨ ᠬᠠᠩᠭ᠋ᠠᠭᠰᠠᠨ ᠵᠡᠷᠬᠡ ᠡᠯᠧᠮᠧᠨ᠋ᠲ ᠡᠴᠡ ᠪᠤᠯᠵᠤ᠂ ᠤᠷᠢᠳᠴᠢᠯᠠᠨ ᠲᠤᠭᠠᠴᠠᠭᠠᠯᠠᠭᠰᠠᠨ ᠢᠶᠡᠷ ᠪᠡᠭᠡᠵᠢᠩ ᠲᠢᠶᠠᠨᠵᠢᠨ ᠾᠧᠪᠧᠢ ᠵᠢᠴᠢ ᠤᠶᠢᠷ᠎ᠠ ᠬᠠᠪᠢ ᠶᠢᠨ ᠭᠠᠵᠠᠷ ᠤᠷᠤᠨ ᠳᠤ 11 ᠰᠠᠷ᠎ᠠ ᠶᠢᠨ 4 ᠤ ᠡᠳᠤᠷ ᠡᠴᠡ 8 ᠤ ᠡᠳᠤᠷ ᠤᠨ 0᠄00 ᠴᠠᠭ ᠪᠤᠯᠳᠠᠯ᠎ᠠ ᠲᠠᠷᠠᠭᠠᠯᠠᠨ 4 ᠡᠳᠤᠷ ᠬᠦᠨᠳᠤ ᠪᠤᠬᠢᠷᠳᠤᠯ ᠲᠠᠢ ᠴᠠᠭ ᠠᠭᠠᠷ ᠢᠯᠡᠷᠡᠬᠦ ᠪᠤᠯᠤᠮᠵᠢ ᠲᠠᠢ᠂ ᠵᠠᠷᠢᠮ ᠬᠤᠳᠠ ᠶᠢᠨ ᠠᠭᠠᠷ ᠬᠦᠨᠳᠤ ᠪᠤᠬᠢᠷᠳᠤᠨ᠎ᠠ᠃ ᠪᠡᠭᠡᠵᠢᠩ 3 ᠤ ᠡᠳᠦᠷ ᠨᠡᠶᠢᠳᠡᠯᠡᠭᠰᠡᠨ ᠰᠡᠷᠡᠮᠵᠢ ᠶᠢᠨ ᠮᠡᠳᠡᠬᠡᠨ ᠳᠤ ᠪᠠᠨ 4 ᠤ ᠡᠳᠤᠷ ᠤᠨ 0᠄00 ᠴᠠᠭ ᠡᠴᠡ ᠡᠬᠢᠯᠡᠨ ᠠᠭᠠᠷ ᠤᠨ ᠬᠦᠨᠳᠤ ᠪᠤᠬᠢᠷᠳᠤᠯ ᠤᠨ ᠤᠯᠠᠪᠤᠷ ᠰᠡᠷᠡᠮᠵᠢ ᠲᠤᠬᠢᠶ᠎ᠠ ᠨᠡᠶᠢᠳᠡᠯᠡᠨ᠎ᠡ ᠭᠡᠵᠡᠢ᠃ ᠤᠳᠤᠬᠠᠨ ᠳᠤ ᠤᠷᠢᠳᠴᠢᠯᠠᠨ ᠲᠤᠭᠠᠴᠠᠭᠠᠯᠠᠭᠰᠠᠨ ᠢᠶᠡᠷ᠂ 11 ᠰᠠᠷ᠎ᠠ ᠶᠢᠨ 7 ᠤ ᠦᠳᠡᠰᠢ ᠪᠤᠯᠬᠤ ᠳᠤ ᠠᠭᠠᠷ ᠤᠨ ᠪᠠᠶᠢᠳᠠᠯ ᠠᠭᠠᠵᠢᠮ ᠢᠶᠡᠷ ᠰᠠᠶᠢᠵᠢᠷᠠᠨ᠎ᠠ᠃

ᠢᠷᠡᠯᠳᠡ᠄ ᠰᠢᠨ ᠵᠢᠩ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121905609