蒙古文网站Logo
ᠰᠢᠨᠬᠤᠸᠠ ᠮᠤᠩᠭ᠋ᠤᠯ ᠨᠧᠲ

ᠬᠦᠨᠳᠤ ᠬᠦᠴᠢᠷᠳᠡᠯᠲᠡᠢ ᠭᠠᠵᠠᠷ ᠤᠷᠤᠨ ᠳᠤ ᠤᠷᠢᠳᠠᠪᠠᠷ ᠡᠷᠴᠢᠮ ᠬᠦᠴᠦᠨ ᠤ ᠬᠦᠷᠦᠩᠬᠡ ᠤᠷᠤᠭᠤᠯᠤᠯᠳᠠ ᠶᠢᠨ ᠲᠦᠰᠤᠯ ᠪᠠᠶᠢᠷᠢᠯᠠᠭᠤᠯᠤᠨ᠎ᠠ

2017-11-10 18:12

    ᠤᠯᠤᠰ ᠤᠨ ᠡᠷᠴᠢᠮ ᠬᠦᠴᠦᠨ ᠤ ᠲᠤᠪᠴᠢᠶ᠎ᠠ ᠤᠶᠢᠷ᠎ᠠ ᠳᠤ《ᠬᠦᠨᠳᠤ ᠬᠦᠴᠢᠷᠳᠡᠯᠲᠡᠢ ᠭᠠᠵᠠᠷ ᠤᠷᠤᠨ ᠳᠤ ᠤᠷᠢᠳᠠᠪᠡᠷ ᠡᠷᠴᠢᠮ ᠬᠦᠴᠦᠨ ᠤ ᠪᠠᠶᠢᠭᠤᠯᠤᠯᠳᠠ ᠪᠡᠷ ᠶᠠᠳᠠᠭᠤ ᠡᠴᠡ ᠠᠩᠬᠢᠵᠢᠷᠠᠭᠤᠯᠬᠤ ᠪᠤᠭᠤᠮᠳᠠ ᠰᠢᠪᠳᠤᠯᠤᠯᠳᠠ ᠶᠢ ᠬᠡᠷᠡᠭᠵᠢᠬᠦᠯᠬᠦ ᠲᠦᠰᠦᠯ ᠤᠨ ᠲᠤᠬᠠᠢ》ᠮᠡᠳᠡᠭᠳᠡᠯ ᠢ ᠲᠠᠷᠤᠮᠠᠯᠯᠠᠨ ᠲᠠᠷᠬᠠᠭᠠᠵᠤ᠂ ᠬᠦᠴᠦᠯᠡᠴᠠ ᠪᠠᠨ ᠤᠯᠠᠮ ᠴᠢᠩᠭ᠋ᠠᠳᠬᠠᠨ᠂ ᠬᠦᠨᠳᠤ ᠬᠦᠴᠢᠷᠳᠡᠯᠲᠡᠢ ᠭᠠᠵᠠᠷ ᠤᠷᠤᠨ ᠤ ᠡᠷᠴᠢᠮ ᠬᠦᠴᠦᠨ ᠤ ᠡᠬᠢ ᠪᠠᠶᠠᠯᠢᠭ ᠢ ᠵᠤᠬᠢᠰᠲᠠᠢ  ᠨᠡᠬᠡᠬᠡᠨ ᠠᠰᠢᠭᠯᠠᠵᠤ᠂ ᠬᠦᠨᠳᠤ ᠬᠦᠴᠢᠷᠳᠡᠯᠲᠡᠢ ᠭᠠᠵᠠᠷ ᠤᠷᠤᠨ ᠳᠤ ᠤᠷᠢᠳᠠᠪᠠᠷ ᠴᠢᠬᠤᠯᠠ ᠲᠤᠮᠤ ᠡᠷᠴᠢᠮ ᠬᠦᠴᠦᠨ ᠤ ᠬᠦᠷᠦᠩᠬᠡ ᠤᠷᠤᠭᠤᠯᠤᠯᠳᠠ ᠶᠢᠨ ᠲᠦᠰᠤᠯ ᠪᠤᠯᠤᠨ ᠮᠦᠩᠬᠦ ᠪᠠᠭᠤᠯᠭᠠᠨ᠂ ᠡᠬᠢ ᠪᠠᠶᠠᠯᠢᠭ ᠤᠨ ᠲᠠᠪᠠᠭᠤᠯᠢᠭ ᠢ ᠡᠳ᠋ ᠤᠨ ᠵᠠᠰᠠᠭ ᠤᠨ ᠬᠦᠭ᠍ᠵᠢᠯᠳᠡ ᠶᠢᠨ ᠲᠠᠪᠠᠭᠤᠯᠢᠭ ᠪᠤᠯᠭᠠᠨ ᠬᠤᠪᠢᠷᠠᠭᠤᠯᠬᠤ ᠶᠢ ᠠᠬᠢᠭᠤᠯᠤᠨ᠎ᠠ ᠬᠡᠵᠡᠢ᠃

    ᠤᠯᠤᠰ ᠤᠨ ᠡᠷᠴᠢᠮ ᠬᠦᠴᠦᠨ ᠤ ᠲᠤᠪᠴᠢᠶ᠎ᠠ ᠶᠢᠨ ᠬᠠᠷᠢᠭᠤᠴᠠᠯᠭᠠᠳᠠᠨ᠂ 《ᠡᠷᠴᠢᠮ ᠬᠦᠴᠦᠨ ᠤ ᠬᠦᠭ᠍ᠵᠢᠯᠳᠡ ᠶᠢᠨ〈13•5〉 ᠤᠨ ᠲᠦᠰᠦᠯ》᠂ ᠡᠷᠴᠢᠮ ᠬᠦᠴᠦᠨ ᠤ ᠡᠯ᠎ᠡ ᠲᠦᠷᠦᠯ ᠤᠨ ᠲᠤᠰᠬᠠᠢ ᠲᠦᠯᠦᠪᠯᠡᠬᠡ ᠳᠤ ᠬᠦᠨᠳᠤ ᠬᠦᠴᠢᠷᠳᠡᠯᠳᠡᠢ ᠭᠠᠵᠠᠷ ᠤᠷᠤᠨ ᠢᠶᠡᠷ ᠲᠤᠳᠤᠯᠠᠭᠰᠠᠨ ᠪᠦᠰᠡ ᠨᠤᠳᠤᠭ ᠲᠤ ᠡᠷᠴᠢᠮ ᠬᠦᠴᠦ ᠶᠢ ᠨᠡᠬᠡᠬᠡᠬᠦ ᠲᠦᠰᠦᠯ ᠢ ᠡᠷᠳᠡᠬᠡᠨ ᠡᠬᠢᠯᠡᠬᠦᠯᠤᠨ ᠪᠠᠶᠢᠭᠤᠯᠵᠤ ᠬᠦᠷᠦᠩᠬᠡ ᠤᠷᠤᠭᠤᠯᠤᠨ᠎ᠠ᠃ ᠭᠤᠤᠯᠳᠠᠭᠤ《ᠭᠤᠷᠪᠠᠨ ᠤᠷᠤᠨ ᠭᠤᠷᠪᠠᠨ ᠵᠧᠤ》 ᠳ᠋ᠤ ᠲᠦᠯᠦᠪᠯᠡᠨ ᠪᠠᠶᠢᠭᠤᠯᠬᠤ ᠴᠢᠬᠤᠯᠠ ᠲᠤᠮᠤ ᠤᠰᠤ ᠴᠠᠬᠢᠯᠭᠠᠨ ᠤ ᠲᠦᠰᠦᠯ ᠢ ᠠᠬᠢᠭᠤᠯᠬᠤ ᠪᠤᠯᠤᠨ᠎ᠠ᠃ ᠪᠠᠷᠠᠭᠤᠨ ᠤᠷᠤᠨ ᠤ ᠤᠰᠤ ᠴᠠᠬᠢᠯᠭᠠᠨ ᠤ ᠰᠠᠭᠤᠷᠢᠨ ᠡᠴᠡ ᠭᠠᠳᠠᠭᠰᠢ ᠶᠡᠬᠦᠯᠡᠬᠦ ᠬᠤᠭᠤᠯᠠᠢ ᠶᠢᠨ ᠪᠠᠷᠢᠯᠭ᠎ᠠ ᠶᠢ ᠲᠡᠬᠦᠯᠳᠡᠷᠵᠢᠬᠦᠯᠦᠨ᠂ ᠲᠦᠪᠡᠳ ᠤᠨ ᠤᠰᠤ ᠴᠠᠬᠢᠯᠭᠠᠨ ᠤ ᠨᠡᠬᠡᠬᠡᠯᠳᠡ ᠶᠢ ᠪᠠᠲᠤᠯᠠᠵᠤ ᠠᠭᠤᠯᠬᠤ ᠦᠷᠳᠡᠭᠡ ᠪᠠᠶᠢᠭᠤᠯᠤᠨ᠎ᠠ᠃ ᠭᠠᠨᠰᠦ ᠶᠢᠨ ᠲᠦᠩ ᠸᠧᠢ ᠶᠢᠨ ᠰᠠᠯᠬᠢᠨ ᠬᠦᠴᠦᠨ ᠤ ᠴᠠᠬᠢᠯᠭᠠᠨ ᠬᠠᠨᠭᠭᠠᠬᠤ ᠰᠠᠭᠤᠷᠢᠨ᠂ ᠰᠧᠴᠤᠸᠠᠨ ᠤ ᠯᠢᠶᠠᠩᠱᠠᠨ ᠰᠯᠠᠬᠢᠨ  ᠬᠦᠴᠦᠨ ᠤ ᠴᠠᠬᠢᠯᠭᠠᠨ ᠬᠠᠨᠭᠭᠠᠬᠤ ᠰᠠᠭᠤᠷᠢᠨ ᠤ  ᠪᠠᠶᠢᠭᠤᠯᠤᠯᠲᠠ ᠶᠢ ᠲᠦᠷᠭᠡᠳᠭᠡᠨ᠎ᠡ ᠬᠡᠵᠡᠢ᠃ 

ᠢᠷᠡᠯᠳᠡ᠄ ᠡᠳ᠋ ᠤᠨ ᠵᠠᠰᠠᠭ ᠤᠨ ᠡᠳᠤᠷ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121936887