蒙古文网站Logo
ᠰᠢᠨᠬᠤᠸᠠ ᠮᠤᠩᠭ᠋ᠤᠯ ᠨᠧᠲ

ᠥᠪᠦᠷ ᠮᠣᠩᠭᠤᠯ ᠤᠨ ᠬᠦᠬᠡᠬᠤᠲᠠ ᠳᠤ ᠰᠤᠷᠤᠭᠴᠢᠳ ᠤᠨ ᠠᠦ᠋ᠲ᠋ᠤᠪᠦ᠋ᠰ ᠤᠨ ᠲᠤᠰᠬᠠᠢ ᠱᠤᠭᠤᠮ ᠠᠰᠢᠬᠯᠠᠯᠲᠠ ᠳᠤ ᠤᠷᠤᠯ᠎ᠠ

2017-11-10 18:34

    ᠰᠤᠷᠪᠤᠯᠵᠢᠯᠠᠬᠴᠢ ᠬᠦᠬᠡᠬᠤᠲᠠ ᠶᠢᠨ ᠠᠦ᠋ᠲ᠋ᠤᠪᠦ᠋ᠰ ᠤᠨ ᠶᠡᠷᠦᠩᠬᠡᠢ ᠺᠤᠮᠫᠠᠨᠢ ᠡᠴᠡ ᠤᠶᠢᠯᠠᠭᠠᠬᠰᠠᠨ ᠢᠶᠡᠷ᠂ ᠬᠤᠲᠠ ᠶᠢᠨ ᠢᠷᠭᠡᠳ ᠤᠨ ᠠᠮᠢᠳᠤᠷᠠᠯ ᠤᠨ ᠬᠢᠷᠢ ᠲᠦᠪᠰᠢᠨ ᠳᠡᠭᠡᠭ᠍ᠰᠢᠯᠡᠭᠰᠡᠨ ᠪᠠ ᠬᠤᠪᠢ ᠶᠢᠨ ᠮᠠᠰᠢᠨ ᠤ ᠲᠤᠭ᠎ᠠ ᠤᠯᠠᠰᠢᠷᠠᠬᠤ ᠶᠢ ᠳᠠᠭᠠᠯᠳᠤᠨ᠂ ᠤᠯᠠᠮ ᠡᠴᠡ ᠤᠯᠠᠨ ᠬᠡᠷ ᠤᠨ ᠠᠬᠠᠮᠠᠳ ᠬᠡᠤᠬᠡᠳ ᠢᠶᠡᠨ ᠰᠤᠷᠭᠠᠭᠤᠯᠢ ᠳᠤ ᠨᠢ ᠬᠦᠷᠭᠡᠵᠦ ᠲᠤᠰᠬᠤ ᠪᠤᠯᠤᠭᠰᠠᠨ ᠡᠴᠡ ᠬᠤᠲᠠ ᠶᠢᠨ ᠲᠡᠭᠦᠷᠬᠡ ᠶᠢᠨ ᠵᠠᠮ᠂ ᠤᠨᠴᠠᠭᠠᠶᠢᠯᠠᠨ ᠰᠤᠷᠭᠠᠭᠤᠯᠢ ᠶᠢᠨ ᠬᠠᠪᠢ ᠶᠢᠨ ᠵᠠᠮ ᠬᠠᠷᠢᠯᠴᠠᠭ᠎ᠠ ᠬᠦᠨᠳᠤ ᠨᠣᠴᠢᠲᠠᠢ ᠲᠦᠭᠵᠢᠷᠡᠬᠦ ᠪᠤᠯᠪᠠ᠃

    ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠰᠤᠷᠭᠠᠭᠤᠯᠢ ᠳᠤ ᠪᠡᠨ ᠤᠴᠢᠬᠤ ᠪᠠ ᠰᠤᠷᠭᠠᠭᠤᠯᠢ ᠲᠠᠷᠬᠠᠬᠤ ᠴᠠᠭ ᠤᠨ ᠵᠠᠮ ᠬᠠᠷᠢᠯᠴᠠᠭᠠᠨ ᠤ ᠠᠰᠠᠭᠤᠳᠠᠯ ᠢ ᠰᠢᠢᠳᠪᠤᠷᠢᠯᠡᠵᠤ᠂ ᠰᠤᠷᠭᠠᠭᠤᠯᠢ ᠶᠢᠨ ᠬᠠᠪᠢ ᠶᠢᠨ ᠵᠠᠮ ᠬᠠᠷᠢᠯᠴᠠᠭ᠎ᠠ ᠲᠦᠭᠵᠢᠷᠡᠬᠦ ᠪᠠᠶᠢᠳᠠᠯ ᠢ ᠬᠦᠩᠬᠡᠷᠡᠬᠦᠯᠬᠦ ᠶᠢᠨ ᠵᠡᠷᠭᠡᠴᠡᠭᠡ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠰᠤᠷᠭᠠᠭᠤᠯᠢ ᠳᠤ ᠪᠡᠨ ᠤᠴᠢᠬᠤ ᠪᠠ ᠰᠤᠷᠭᠠᠭᠤᠯᠢ ᠲᠠᠷᠬᠠᠬᠤ ᠦᠶ᠎ᠠ ᠶᠢᠨ ᠬᠢᠨᠢ ᠠᠶᠤᠯᠬᠦᠢ ᠢᠢ ᠪᠠᠲᠤᠯᠠᠬᠤ ᠶᠢᠨ ᠲᠤᠰᠠᠲᠠ ᠠᠦ᠋ᠲ᠋ᠤᠪᠦ᠋ᠰ ᠤᠨ ᠶᠡᠷᠦᠩᠬᠡᠢ ᠺᠤᠮᠫᠠᠨᠢ  ᠬᠤᠲᠠ ᠶᠢᠨ ᠲᠡᠭᠦᠷᠬᠡ ᠶᠢᠨ ᠰᠤᠷᠭᠠᠭᠤᠯᠢ ᠶᠢᠨ ᠡᠷᠬᠢᠨ ᠲᠤᠭᠤᠷᠢᠨ ᠤ ᠵᠠᠮ ᠤᠨ ᠪᠤᠳᠠᠲᠤ ᠪᠠᠶᠢᠳᠠᠯ ᠢ ᠦᠨᠳᠦᠰᠦᠯᠠᠨ᠂ ᠢᠥᠢᠢᠴᠢᠤᠧᠠᠨ ᠲᠤᠭᠤᠷᠢᠭ ᠤᠨ ᠨᠢᠬᠡ ᠪᠠᠭ᠎ᠠ ᠰᠤᠷᠭᠠᠭᠤᠯᠢ ᠪᠠ ᠨᠢᠬᠡ ᠳᠤᠮᠳᠠᠳᠤ ᠰᠤᠷᠭᠠᠭᠤᠯᠢ ᠪᠡᠷ ᠳᠤᠷᠰᠢᠯᠲᠠ ᠶᠢᠨ ᠴᠡᠭ ᠪᠤᠯᠭᠠᠵᠤ᠂ 11 ᠰᠠᠷ᠎ᠠ ᠶᠢᠨ 9 ᠤ ᠡᠳᠦᠷ ᠡᠴᠡ ᠡᠬᠢᠯᠡᠨ ᠰᠤᠷᠤᠭᠴᠢᠳ ᠤᠨ ᠠᠦ᠋ᠲ᠋ᠤᠪᠦ᠋ᠰ ᠤᠨ 3 ᠲᠤᠰᠬᠠᠢ ᠱᠤᠭᠤᠮ ᠨᠡᠪᠲᠡᠷᠡᠭᠦᠯᠵᠦ ᠲᠤᠷᠰᠢᠨ ᠠᠵᠢᠯᠯᠠᠭᠤᠯᠤᠯ᠎ᠠ᠃

ᠢᠷᠡᠯᠳᠡ᠄ ᠥᠪᠦᠷ ᠮᠣᠩ᠋ᠭᠤᠯ ᠤᠨ ᠡᠳᠦᠷ ᠤᠨ ᠰᠣᠨᠢᠨ ᠤ ᠬᠤᠷᠢᠶ᠎ᠠ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121937255