蒙古文网站Logo
ᠰᠢᠨᠬᠤᠸᠠ ᠮᠤᠩᠭ᠋ᠤᠯ ᠨᠧᠲ

ᠠᠩᠬᠠᠳᠠᠬᠴᠢ ᠲᠦᠷᠦ ᠶᠢᠨ ᠵᠡᠷᠭᠡᠯᠡᠯ ᠤᠨ ᠬᠤᠶᠠᠭᠲᠤ ᠲᠡᠷᠭᠡᠨ ᠤ ᠢᠨᠵᠸᠨ᠋ᠸᠷᠢᠩ ᠤᠨ ᠲᠤᠰᠬᠠᠢ ᠮᠡᠷᠭᠡᠵᠢᠯ ᠤᠨ ᠰᠤᠳᠤᠯᠬᠤ ᠰᠤᠷᠤᠭᠴᠢᠳ ᠤᠨ ᠦᠢᠯᠡᠳᠦᠯᠭᠡ ᠰᠢᠨ᠎ᠠ ᠶᠢ ᠡᠭᠦᠳᠬᠦ ᠰᠠᠭᠤᠷᠢᠨ ᠦᠪᠦᠷ ᠮᠣᠩᠭᠣᠯ ᠳ᠋ᠡᠬᠢ ᠳᠤᠮᠳᠠᠳᠤ ᠤᠯᠤᠰ ᠤᠨ ᠴᠡᠷᠢᠭ ᠵᠠᠪᠰᠡᠭ ᠤᠨ ᠨᠢᠭᠡᠳᠦᠭᠡᠷ ᠮᠠᠰᠢᠨ ᠪᠦᠯᠦᠭᠯᠡᠯ ᠳᠤ ᠬᠤᠸᠠᠷᠠᠩᠨᠠᠪᠠ

2017-11-20 11:34

    ᠰᠡᠭᠦᠯ ᠤᠨ ᠦᠶ᠎ᠠ ᠳᠤ᠂ ᠦᠪᠦᠷ ᠮᠣᠩᠭᠣᠯ ᠳ᠋ᠡᠬᠢ ᠳᠤᠮᠳᠠᠳᠤ ᠤᠯᠤᠰ ᠤᠨ ᠴᠡᠷᠢᠭ ᠵᠠᠪᠰᠡᠭ ᠤᠨ ᠨᠢᠭᠡᠳᠦᠭᠡᠷ ᠮᠠᠰᠢᠨ ᠪᠦᠯᠦᠭᠯᠡᠯ ᠪᠤᠯᠤᠨ ᠪᠡᠭᠡᠵᠢᠩ ᠤᠨ ᠪᠠᠶᠢᠭᠠᠯᠢ ᠶᠢᠨ ᠰᠢᠨᠵᠢᠯᠡᠬᠦ ᠤᠬᠠᠭᠠᠨ ᠠᠵᠤ ᠦᠢᠯᠡᠳᠪᠦᠷᠢ ᠶᠢᠨ ᠶᠡᠬᠡ ᠰᠤᠷᠭᠠᠭᠤᠯᠢ ᠬᠠᠮᠲᠤᠷᠠᠨ ᠮᠡᠳᠡᠭᠦᠯᠦᠭᠰᠡᠨ᠂  ᠤᠯᠤᠰ ᠤᠨ ᠰᠤᠷᠭᠠᠨ ᠬᠦᠮᠦᠵᠢᠯ ᠤᠨ ᠶᠠᠮᠤᠨ ᠤ ᠵᠦᠪᠰᠢᠶᠡᠷᠡᠯ ᠢ ᠤᠯᠤᠭᠰᠠᠨ ᠠᠩᠬᠠᠳᠠᠬᠴᠢ ᠲᠦᠷᠦ ᠶᠢᠨ ᠵᠡᠷᠭᠡᠯᠡᠯ ᠤᠨ ᠬᠤᠶᠠᠭᠲᠤ ᠲᠡᠷᠭᠡᠨ ᠤ ᠢᠨᠵᠸᠨ᠋ᠸᠷᠢᠩ ᠤᠨ ᠲᠤᠰᠬᠠᠢ ᠮᠡᠷᠭᠡᠵᠢᠯ ᠤᠨ ᠰᠤᠳᠤᠯᠬᠤ ᠰᠤᠷᠤᠭᠴᠢᠳ ᠤᠨ ᠦᠢᠯᠡᠳᠦᠯᠭᠡ ᠰᠢᠨ᠎ᠠ ᠶᠢ ᠡᠭᠦᠳᠬᠦ ᠰᠠᠭᠤᠷᠢᠨ ᠵᠢᠩᠬᠢᠨᠢ ᠪᠡᠷ ᠫᠠᠶᠢᠰᠠ ᠰᠡᠭᠦᠪᠡ᠃

    ᠬᠤᠶᠠᠭᠲᠤ ᠲᠡᠷᠭᠡᠨ ᠤ ᠢᠨᠵᠸᠨ᠋ᠸᠷᠢᠩ ᠤᠨ ᠲᠤᠰᠬᠠᠢ ᠮᠡᠷᠭᠡᠵᠢᠯ ᠤᠨ ᠰᠤᠳᠤᠯᠬᠤ ᠰᠤᠷᠤᠭᠴᠢᠳ ᠤᠨ ᠦᠢᠯᠡᠳᠦᠯᠭᠡ ᠰᠢᠨ᠎ᠠ ᠶᠢ ᠡᠭᠦᠳᠬᠦ ᠰᠠᠭᠤᠷᠢᠨ ᠨᠢ ᠭᠤᠤᠯᠳᠠᠭᠤ ᠬᠤᠶᠠᠭᠲᠤ ᠲᠡᠷᠭᠡ ᠲᠦᠯᠦᠪᠯᠡᠬᠦ ᠬᠢᠬᠡᠳ ᠦᠢᠯᠡᠳᠬᠦ ᠪᠡᠷ ᠦᠢᠯᠡᠳᠦᠯᠭᠡ ᠪᠡᠨ ᠪᠤᠯᠭᠠᠵᠤ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠪᠦᠲᠦᠭᠡᠨ ᠪᠠᠶᠢᠭᠤᠯᠤᠯᠲᠠ ᠳᠤ ᠲᠤᠲᠠᠭᠲᠠᠵᠤ ᠪᠠᠶᠢᠭ᠎ᠠ ᠳᠡᠭᠡᠲᠤ ᠲᠦᠪᠰᠢᠨ ᠤ ᠲᠤᠰᠬᠠᠢ ᠮᠡᠷᠭᠡᠵᠢᠯ ᠤᠨ ᠴᠢᠳᠠᠪᠤᠷᠢᠲᠠᠨ ᠬᠦᠮᠦᠵᠢᠭᠦᠯᠬᠦ ᠪᠡᠷ ᠵᠤᠷᠢᠯᠭ᠎ᠠ ᠪᠡᠨ ᠪᠤᠯᠭᠠᠨ ᠠᠵᠤ ᠠᠬᠤᠶᠢᠯᠠᠯ ᠤᠨ ᠪᠤᠳᠠᠲᠠᠢ ᠰᠤᠳᠤᠯᠤᠨ ᠡᠭᠦᠳᠦᠯᠲᠠ᠂ ᠦᠢᠯᠡᠳᠪᠦᠷᠢᠯᠡᠯ ᠤᠨ ᠶᠡᠪᠤᠴᠠ ᠳ᠋ᠡᠬᠢ ᠪᠠᠴᠢᠮ ᠰᠶ᠋ᠢᠳᠪᠦᠷᠢᠯᠡᠬᠦ ᠢᠨᠵᠸᠨ᠋ᠸᠷᠢᠩ ᠤᠨ ᠮᠡᠷᠭᠡᠵᠢᠯ ᠤᠨ ᠠᠰᠠᠭᠤᠳᠠᠯ ᠤᠨ ᠲᠤᠭᠤᠷᠢᠨ ᠳᠤ ᠰᠤᠷᠭᠠᠭᠤᠯᠢ ᠪᠤᠯᠤᠨ ᠠᠵᠤ ᠠᠬᠤᠶᠢᠯᠠᠯ ᠬᠠᠮᠳᠤᠷᠠᠯᠴᠠᠵᠤ ᠠᠵᠤ ᠠᠬᠤᠶᠢᠯᠠᠯ ᠳᠤ ᠴᠢᠳᠠᠪᠤᠷᠢᠲᠠᠨ ᠬᠦᠮᠦᠵᠢᠭᠦᠯᠬᠦ ᠪᠤᠶᠤ ᠨᠦᠭᠡᠴᠡᠯᠡᠨ᠎ᠠ᠃ (ᠰᠤᠷᠪᠤᠯᠵᠢᠯᠠᠭᠴᠢ ᠭᠡᠷᠡᠯᠲᠤ᠎)

ᠢᠷᠡᠯᠳᠡ᠄ ᠦᠪᠦᠷ ᠮᠣᠩᠭᠣᠯ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠬᠡᠦᠬᠡᠨᠰᠤᠯᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701121982269