蒙古文网站Logo
ᠰᠢᠨᠬᠤᠸᠠ ᠮᠤᠩᠭ᠋ᠤᠯ ᠨᠧᠲ

ᠲᠣᠮᠳᠠᠳᠣ ᠣᠯᠣᠰ ᠤᠨ ᠠᠭᠠᠷ ᠠᠶᠠᠯᠠᠯ ᠤᠨ ᠨᠡᠶᠢᠬᠡᠮᠯᠢᠭ᠌᠄ ᠰᠠᠭᠤᠳᠠᠯ ᠵᠠᠬᠢᠶᠠᠯᠠᠬᠣ ᠲᠡᠮᠳᠡᠭᠯᠡᠯ ᠳ᠋ᠥ ᠵᠠᠪᠠᠯ ᠠᠨᠶᠠᠴᠢᠳ  ᠤᠨ ᠬᠠᠷᠢᠯᠴᠠᠬᠣ ᠠᠷᠭ᠎ᠠ ᠶ᠋ᠢ ᠣᠷᠣᠭᠣᠯᠬᠣ ᠬᠡᠷᠡᠭᠳᠠᠢ

2017-11-30 16:38

    ᠰᠤᠷᠪᠣᠯᠵᠢᠯᠠᠭᠴᠢ 29 ᠤ ᠡᠳᠤᠷ᠂ ᠲᠣᠮᠳᠠᠳᠣ ᠤᠯᠣᠰ ᠤᠨ ᠠᠭᠠᠷ ᠠᠶᠠᠯᠠᠯ ᠤᠨ ᠨᠡᠶᠢᠭᠡᠮᠯᠢᠭ᠌ ᠡᠴᠡ ᠤᠶᠢᠯᠠᠭᠠᠭᠰᠠᠨ ᠵᠢᠡᠷ᠂ ᠵᠢᠰᠢᠶᠠᠨ ᠤ ᠨᠢᠰᠬᠦ ᠤᠩᠭ᠋ᠤᠴᠠᠨ ᠤ ᠬᠡᠪ ᠦᠨ ᠪᠣᠰᠤ ᠪᠠᠶᠢᠳᠠᠯ ‍ᠢ ᠰᠶ᠋ᠢᠳᠪᠤᠷᠢᠯᠡᠬᠦ ᠦᠷ᠎ᠡ ᠪᠦᠳᠣᠮᠵᠢ ᠶ᠋ᠢ ᠤᠯᠠᠮ ᠲᠡᠬᠡᠭ᠍ᠰᠢᠯᠡᠬᠦᠯᠬᠦ ᠶ᠋ᠢᠨ ᠲᠦᠯᠣᠬᠡ᠂ ᠲᠣᠮᠳᠠᠳᠣ ᠤᠯᠣᠰ ᠤᠨ ᠠᠭᠠᠷ ᠠᠶᠠᠯᠠᠯ ᠤᠨ ᠨᠡᠶᠢᠭᠡᠮᠯᠢᠭ᠌ ᠨᠢ ᠠᠭᠠᠷ ᠠᠶᠠᠯᠠᠯ ᠤᠨ ᠬᠡᠰᠢᠭᠦᠨ ᠺᠣᠮᠫᠠᠨᠢ᠂ ᠢᠨᠲ᠋ᠧᠷᠨ᠋ᠸᠲ ᠢᠶᠡᠷ ᠨᠢᠰᠬᠦ ᠤᠩᠭ᠋ᠤᠴᠠᠨ ᠤ ᠲᠠᠰᠤᠯᠪᠤᠷᠢ ᠬᠤᠳᠠᠯᠳᠣᠬᠣ ᠲᠠᠪᠴᠠᠩ ᠪᠤᠯᠤᠨ ᠠᠭᠠᠷ ᠠᠶᠠᠯᠠᠯ ᠤᠨ ᠠᠶᠠᠨᠴᠢᠳ ᠤᠨ ᠵᠦᠬᠡᠬᠡᠪᠣᠷᠢ ᠶ᠋ᠢᠨ ᠪᠣᠷᠣᠯᠠᠭᠣᠯᠣᠯᠳᠠ ᠶ᠋ᠢᠨ ᠤᠷᠤᠯᠠᠭᠴᠢ ᠠᠵᠣ ᠠᠬᠣᠶᠢᠯᠠᠯ ᠳᠤ ᠮᠡᠳᠡᠭᠳᠡᠯ ᠳᠠᠷᠬᠠᠭᠠᠵᠤ᠂ ᠠᠶᠠᠨᠴᠢᠳ ᠨᠢᠰᠬᠦ ᠤᠩᠭ᠋ᠤᠴᠠᠨ ᠤ ᠰᠠᠭᠤᠳᠠᠯ ᠵᠠᠬᠢᠶᠠᠯᠠᠬᠣ ᠲᠡᠮᠳᠡᠭᠯᠡᠯ ᠳ᠋ᠡᠭᠡᠨ ᠵᠠᠪᠠᠯ ᠮᠡᠳᠡᠭᠡ ᠵᠠᠩᠭᠢ ᠪᠡᠨ ᠵᠦᠪ ᠪᠢᠴᠢᠵᠣ ᠤᠷᠤᠭᠣᠯᠬᠣ ᠠᠵᠢᠯ ᠢ ᠲᠦᠷᠢᠮᠵᠢᠭᠦᠯᠬᠦ ᠬᠡᠷᠡᠭᠲᠡᠢ᠂ ᠤᠨᠴᠠᠭᠠᠶᠢᠯᠠᠨ ᠬᠠᠷᠢᠯᠴᠠᠬᠣ ᠠᠷᠭ᠎ᠠ ᠨᠢ ᠬᠦᠴᠤᠨ ᠲᠠᠢ ᠪᠠᠶᠢᠵᠣ᠂ ᠵᠢᠰᠢᠶᠠᠨ ᠤ ᠨᠢᠰᠬᠦ ᠤᠩᠭ᠋ᠤᠴᠠᠨ ᠤ ᠴᠠᠭ ᠡᠴᠠ ᠪᠠᠨ ᠰᠠᠭᠠᠳᠠᠬᠣ ᠪᠤᠶᠤ ᠨᠢᠰᠬᠦ ᠶ᠋ᠢ ᠬᠦᠴᠤᠨ ᠦᠬᠡᠢ ᠪᠤᠯᠭᠠᠬᠣ ᠦᠶ᠎ᠡ ᠳ᠋ᠥ ᠴᠠᠭ ᠲᠤᠬᠠᠢ ᠳ᠋ᠣᠨᠢ ᠲᠣᠰ ᠬᠦᠮᠦᠨ ᠳᠤ ᠮᠡᠳᠡᠭᠳᠡᠬᠦ ᠳ᠋ᠥ ᠲᠦᠭᠦᠮ ᠦᠵᠡᠬᠦᠯᠣᠨ᠂ ᠠᠶᠠᠨᠴᠢᠳ ᠤᠨ ᠨᠢᠰᠬᠦ ᠤᠩᠭ᠋ᠤᠴᠠᠨ ᠳᠤ ᠰᠠᠭᠣᠬᠣ ᠬᠠᠩᠭ᠋ᠠᠮᠵᠢᠳᠤ ᠴᠢᠨᠠᠷ ‍ᠢ ᠲᠡᠭᠡᠭ᠍ᠰᠢᠯᠡᠬᠦᠯᠬᠦ ᠬᠡᠷᠡᠭᠳᠠᠢ ᠬᠡᠵᠣ ᠱᠠᠭᠠᠷᠳᠠᠪᠠ᠃

    ᠮᠡᠳᠡᠭᠳᠡᠯ ᠳ᠋ᠥ᠂ ᠡᠯ᠎ᠠ ᠪᠠᠶᠢᠭᠤᠯᠣᠯᠭ᠎ᠠ ᠨᠢᠭᠡᠴᠡ ᠶ᠋ᠢᠨ ᠬᠢᠨ ᠠᠶᠠᠨᠴᠢᠳ ᠲᠤ ᠤᠶᠢᠯᠡᠴᠢᠯᠡᠬᠦ ᠤᠬᠠᠮᠰᠠᠷ ‍ᠢ ᠦᠨᠡᠨᠬᠦ ᠪᠤᠢ ᠪᠣᠯᠭᠠᠵᠣ᠂ ᠠᠶᠠᠨᠴᠢᠳ ᠤᠨ ᠨᠢᠰᠬᠦ ᠤᠩᠭ᠋ᠤᠴᠠᠨ ᠳᠤ ᠰᠠᠭᠣᠬᠣ ᠤᠶᠢᠯᠠᠭᠠᠮᠵᠢ ᠶ᠋ᠢ ᠤᠯᠠᠮ ᠲᠡᠭᠡᠭ᠍ᠰᠢᠯᠡᠬᠦᠯᠣᠨ᠂ ᠠᠶᠠᠨᠴᠢᠳ ᠤᠨ ᠬᠠᠣᠯᠢ ᠶᠣᠰᠣᠨ ᠤ ᠡᠷᠬᠡ ᠠᠰᠢᠭ ‍ᠢ ᠦᠨᠡᠨᠬᠦ ᠪᠠᠳᠣᠯᠠᠬᠣ ᠬᠡᠷᠡᠭᠳᠠᠢ ᠬᠡᠵᠣ ᠵᠢᠠᠭᠠᠵᠣ ᠭᠠᠷᠭᠠᠵᠠᠢ᠃ ᠬᠡᠷᠪᠡ ᠨᠢᠰᠬᠦ ᠤᠩᠭ᠋ᠤᠴᠠᠨ ᠤ ᠰᠠᠭᠤᠳᠠᠯ ᠵᠠᠬᠢᠶᠠᠯᠠᠬᠣ ᠦᠶ᠎ᠡ ᠳ᠋ᠥ ᠠᠶᠠᠨᠴᠢᠳ ᠤᠨ ᠰᠤᠷᠠᠭ ᠵᠠᠩᠭᠢ ᠶ᠋ᠢ ᠵᠦᠪ ᠣᠨᠣᠪᠴᠢᠳᠠᠢ ᠪᠢᠴᠢᠵᠣ ᠤᠷᠤᠭᠤᠯᠤᠭᠰᠠᠨ ᠦᠬᠡᠢ ᠡᠴᠡ ᠪᠤᠯᠵᠣ᠂ ᠵᠢᠰᠢᠶᠠᠨ ᠤ ᠨᠢᠰᠬᠦ ᠤᠩᠭ᠋ᠤᠴᠠᠨ ᠤ ᠴᠠᠭ ᠰᠠᠭᠠᠳᠠᠬᠣ ᠪᠤᠶᠤ ᠨᠢᠰᠬᠦ ᠶ᠋ᠢ ᠬᠦᠴᠤᠨ ᠦᠬᠡᠢ ᠪᠤᠯᠭᠠᠭᠰᠠᠨ ᠦᠶᠡᠰ ᠦ᠋ᠨ ᠬᠦᠳᠡᠯᠣᠯ ᠪᠠᠶᠢᠳᠠᠯ ᠤᠨ ᠮᠡᠳᠡᠭᠡ ᠵᠠᠩᠬᠢ ᠶ᠋ᠢ ᠵᠦᠪ ᠣᠨᠣᠪᠴᠢᠳᠠᠢ ᠪᠡᠷ ᠴᠠᠭ ᠲᠣᠬᠠᠢ ᠳ᠋ᠣᠨᠢ ᠬᠦᠷᠬᠡᠵᠣ ᠲᠡᠶᠢᠯᠣᠭ᠍ᠰᠡᠨ ᠦᠬᠡᠢ ᠡᠴᠠ ᠪᠤᠯᠵᠦ ᠵᠠᠭᠠᠯᠳᠣᠭᠳᠠᠬᠣ ᠳ᠋ᠥ ᠬᠦᠷᠪᠡᠯ ᠴᠢᠩᠭ᠋᠎ᠠ ᠰᠶ᠋ᠢᠳᠪᠣᠷᠢᠯᠡᠬᠦ ᠬᠡᠷᠡᠭᠳᠠᠢ ᠪᠦᠬᠡᠳ ᠤᠯᠠᠨ ᠳ᠋ᠥ ᠵᠠᠷᠯᠠᠬᠣ ᠬᠡᠷᠡᠭᠳᠠᠢ ᠭᠡᠵᠡᠢ᠃

ᠢᠷᠡᠯᠳᠡ᠄ ᠠᠷᠠᠳ ᠤᠨ ᠰᠦᠯᠵᠢᠶ᠎ᠠ ᠪᠡᠯᠡᠳᠭᠡᠭ᠍ᠰᠡᠨ ᠨᠢ᠄ ᠬᠡᠦᠬᠡᠨᠰᠤᠯᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122037449