蒙古文网站Logo
ᠰᠢᠨᠬᠤᠸᠠ ᠮᠤᠩᠭ᠋ᠤᠯ ᠨᠧᠲ

ᠤᠰᠤᠨ ᠤ ᠨᠦᠭᠡᠴᠡ ᠶᠢᠨ ᠲᠠᠳᠠᠪᠤᠷᠢ ᠶᠢᠨ ᠦᠭᠡᠷᠡᠴᠢᠯᠡᠯᠳᠡ ᠶᠢᠨ ᠲᠤᠷᠰᠢᠯᠳᠠ ᠶᠢᠨ ᠴᠢᠭ ᠲᠦ ᠪᠡᠭᠡᠵᠢᠩ ᠵᠡᠷᠬᠡ 9 ᠭᠠᠵᠠᠷ ᠤᠷᠤᠨ ᠢ ᠨᠡᠮᠡᠪᠡ

2017-12-01 16:26

    ᠰᠠᠩᠬᠦᠦ ᠡᠳ᠋ ᠤᠨ ᠵᠠᠰᠠᠭ ᠤᠨ ᠶᠠᠮᠤᠨ᠂ ᠲᠠᠳᠠᠪᠤᠷᠢ ᠶᠢᠨ ᠶᠡᠷᠦᠩᠬᠡᠢ ᠲᠤᠪᠴᠢᠶ᠎ᠠ᠂ ᠤᠰᠤᠨ ᠠᠰᠢᠭᠯᠠᠯᠳᠠ ᠶᠢᠨ ᠶᠠᠮᠤᠨ ᠵᠡᠷᠬᠡ ᠭᠤᠷᠪᠠᠨ ᠰᠠᠯᠠᠭ᠎ᠠ ᠮᠦᠴᠢᠷ ᠤᠶᠢᠷ᠎ᠠ ᠳᠤ《ᠤᠰᠤᠨ ᠤ ᠨᠦᠭᠡᠴᠡ ᠶᠢᠨ ᠦᠬᠡᠷᠡᠴᠢᠯᠡᠯᠳᠡ ᠶᠢᠨ ᠲᠤᠷᠰᠢᠯᠳᠠ ᠶᠢᠨ ᠴᠢᠬ ᠢ ᠦᠷᠭᠡᠳᠬᠡᠬᠦ ᠬᠡᠷᠡᠭᠵᠢᠬᠦᠯᠬᠦ ᠠᠷᠭ᠎ᠠ》 ᠶᠢ ᠨᠡᠶᠢᠳᠡᠯᠡᠵᠡᠢ᠃ ᠬᠤᠯᠪᠤᠭᠳᠠᠯ ᠪᠦᠬᠦᠢ ᠮᠡᠳᠡᠭᠳᠡᠯ ᠳᠤ᠂ 2017 ᠤᠨ ᠤ 12 ᠰᠠᠷ᠎ᠠ ᠶᠢᠨ 1 ᠤ ᠡᠳᠤᠷ ᠡᠴᠡ ᠡᠬᠢᠯᠡᠨ ᠪᠡᠭᠡᠵᠢᠩ᠂ ᠲᠢᠶᠠᠨᠵᠢᠨ᠂ ᠱᠠᠨ ᠰᠢ᠂ ᠦᠪᠦᠷ ᠮᠤᠩᠭᠤᠯ᠂ ᠱᠠᠨᠳ᠋ᠦ᠋ᠩ᠂ ᠾᠧᠨᠠᠨ᠂ ᠰᠧᠴᠤᠸᠠᠨ᠂ ᠱᠠᠨᠰᠢ᠂ ᠨᠢᠩᠰᠢᠶᠠ ᠵᠡᠷᠬᠡ 9 ᠮᠤᠵᠢ (ᠦᠪᠡᠷᠳᠡᠬᠡᠨ ᠵᠠᠰᠠᠬᠤ ᠤᠷᠤᠨ᠂ ᠬᠤᠳᠠ) ᠳᠤ ᠤᠰᠤᠨ ᠤ ᠡᠬᠢ ᠰᠤᠷᠪᠤᠯᠵᠢ ᠶᠢᠨ ᠲᠠᠳᠠᠪᠤᠷᠢ ᠶᠢᠨ ᠦᠭᠡᠷᠡᠴᠢᠯᠡᠯᠳᠡ ᠶᠢᠨ ᠲᠤᠷᠰᠢᠯᠳᠠ ᠶᠢᠨ ᠴᠢᠭ᠋ ᠢ ᠦᠷᠭᠡᠳᠭᠡᠨ᠎ᠠ ᠭᠡᠵᠡᠢ᠃

    ᠤᠶᠢᠯᠠᠭᠠᠭᠰᠠᠨ ᠢᠶᠡᠷ᠂ ᠲᠤᠷᠰᠢᠯᠳᠠ ᠶᠢᠨ ᠴᠢᠬ ᠤᠨ ᠮᠤᠵᠢ ᠬᠤᠳᠠ ᠳᠤ ᠤᠰᠤᠨ ᠤ ᠨᠦᠭᠡᠴᠡ ᠶᠢᠨ ᠲᠠᠳᠠᠪᠤᠷᠢ ᠬᠤᠷᠢᠶᠠᠬᠤ ᠬᠠᠮᠢᠶᠠᠷᠤᠯᠳᠠ ᠳᠤ ᠲᠤᠰ ᠤᠳᠠᠭᠠᠨ ᠤ ᠬᠡᠷᠡᠭᠵᠢᠬᠦᠯᠬᠦ  ᠠᠷᠭ᠎ᠠ ᠳᠤ 6 ᠲᠦᠷᠦᠯ ᠤᠨ ᠪᠠᠶᠢᠳᠠᠯ ᠳᠤ ᠭᠠᠶᠢᠯᠢ ᠡᠴᠡ ᠬᠦᠩᠬᠡᠷᠡᠬᠦᠯᠬᠦ ᠪᠤᠶᠤ ᠬᠡᠯᠳᠤᠷᠢᠬᠦᠯᠤᠨ᠎ᠠ᠃ ᠲᠤᠳᠤᠷᠠᠭᠤᠯᠪᠠᠯ᠄

    1.ᠬᠦᠳᠡᠬᠡ ᠲᠤᠰᠬᠤᠨ ᠤ ᠬᠠᠮᠳᠤ ᠶᠢᠨ ᠡᠳ᠋ ᠤᠨ ᠵᠠᠰᠠᠭ ᠤᠨ ᠵᠤᠬᠢᠶᠠᠨ ᠪᠠᠶᠢᠭᠤᠯᠤᠯᠳᠠ ᠪᠤᠯᠤᠨ ᠬᠡᠰᠢᠬᠦᠨ᠂ ᠬᠠᠮᠳᠤ ᠶᠢᠨ ᠡᠳ᠋ ᠤᠨ ᠵᠠᠰᠠᠭ ᠤᠨ ᠵᠤᠬᠢᠶᠠᠨ ᠪᠠᠶᠢᠭᠤᠯᠤᠯᠳᠠ ᠶᠢᠨ ᠤᠰᠤᠨ ᠴᠦᠬᠦᠷᠦᠮ ᠡᠴᠡ ᠬᠡᠷᠡᠭᠯᠡᠬᠦ ᠤᠰᠤ᠃

    2.ᠬᠡᠷ ᠪᠦᠯᠢ ᠶᠢᠨ ᠠᠮᠢᠳᠤᠷᠠᠯ ᠪᠤᠯᠤᠨ ᠬᠡᠷ ᠤᠨ ᠲᠡᠵᠢᠬᠡᠪᠦᠷᠢ ᠳᠤ ᠬᠡᠷᠡᠭᠯᠡᠬᠦ ᠤᠰᠤ᠃

    3.ᠤᠰᠤᠨ ᠠᠰᠢᠭᠯᠠᠯᠳᠠ ᠶᠢᠨ ᠢᠨᠵᠧᠨᠧᠷᠢᠩ ᠤᠨ ᠬᠠᠮᠢᠶᠠᠷᠤᠯᠳᠠ ᠶᠢᠨ ᠪᠠᠶᠢᠭᠤᠯᠤᠯᠭ᠎ᠠ ᠶᠢᠨ ᠤᠰᠤᠨ ᠤ ᠨᠦᠬᠡᠴᠡ ᠶᠢ ᠲᠤᠬᠢᠷᠠᠭᠤᠯᠬᠤ ᠳᠤ ᠬᠡᠷᠡᠭᠯᠡᠬᠦ ᠤᠰᠤ᠃

    4. ᠠᠭᠤᠷᠬᠠᠢ ᠶᠢᠨ ᠬᠤᠳᠳᠤᠭ ᠵᠡᠷᠬᠡ ᠭᠠᠵᠠᠷ ᠲᠤᠤᠷᠠᠬᠢ ᠪᠠᠷᠢᠯᠭ᠎ᠠ ᠶᠢᠨ ᠠᠶᠤᠯᠬᠦᠢ ᠪᠤᠯᠤᠨ ᠦᠢᠯᠡᠳᠪᠦᠷᠢᠯᠡᠯ ᠤᠨ ᠠᠶᠤᠯᠬᠦᠢ ᠳᠤ ᠵᠠᠪᠠᠯ ᠬᠡᠷᠡᠭᠯᠡᠬᠦ ᠤᠰᠤ᠃

    5. ᠨᠡᠶᠢᠳᠡ ᠶᠢᠨ ᠠᠶᠤᠯᠬᠦᠢ ᠪᠤᠯᠤᠨ ᠨᠡᠶᠢᠳᠡ ᠶᠢᠨ ᠠᠰᠢᠭ ᠲᠤᠰᠠ ᠶᠢ ᠬᠦᠨᠦᠭᠡᠭ᠍ᠰᠡᠨ ᠪᠠᠶᠢᠳᠠᠯ ᠳᠤ ᠬᠡᠷᠡᠭᠯᠡᠬᠦ ᠤᠰᠤ᠃

    6. ᠲᠠᠷᠢᠶᠠᠯᠠᠡᠭ᠍ ᠦᠢᠯᠡᠳᠪᠦᠷᠢᠯᠡᠯ ᠤᠨ ᠭᠠᠩ ᠲᠠᠢ ᠳᠡᠮᠡᠴᠡᠬᠦ᠂ ᠠᠮᠢ ᠠᠬᠤᠢ ᠶᠢᠨ ᠤᠷᠴᠢᠨ ᠪᠤᠯᠤᠨ ᠪᠠᠶᠢᠭᠠᠯᠢ ᠤᠷᠴᠢᠨ ᠢ ᠬᠠᠮᠠᠭᠠᠯᠠᠬᠤ ᠳᠤ ᠬᠡᠷᠡᠭᠯᠡᠬᠦ ᠤᠰᠤ᠃

    ᠬᠤᠯᠪᠤᠭᠳᠠᠯ ᠪᠦᠬᠦᠢ ᠲᠤᠭᠳᠠᠭᠠᠯ ᠡᠴᠡ ᠭᠠᠳᠠᠨ᠎ᠠ ᠠᠷᠭ᠎ᠠ ᠬᠡᠮᠵᠢᠶ᠎ᠡ ᠳᠤ ᠪᠠᠰᠠ ᠭᠠᠵᠠᠷ ᠤᠨ ᠭᠠᠳᠠᠷᠭᠤ ᠶᠢᠨ ᠤᠰᠤ᠂ ᠭᠠᠵᠠᠷ ᠲᠤᠤᠷᠠᠬᠢ ᠤᠰᠤ ᠶᠢ ᠰᠢᠭᠤᠳ ᠬᠡᠷᠡᠭᠯᠡᠵᠤ ᠪᠠᠶᠢᠭ᠎ᠠ ᠪᠤᠰᠤᠳ ᠪᠠᠶᠢᠭᠤᠯᠤᠯᠭ᠎ᠠ ᠪᠤᠯᠤᠨ ᠨᠢᠭᠡᠴᠡ ᠨᠢ ᠤᠰᠤᠨ ᠤ ᠡᠬᠢ ᠰᠤᠷᠪᠤᠯᠵᠢ ᠶᠢᠨ ᠲᠠᠳᠠᠪᠤᠷᠢ ᠲᠤᠰᠢᠶᠠᠬᠤ ᠬᠦᠮᠦᠨ ᠳᠤ ᠲᠤᠭᠠᠴᠠᠭᠳᠠᠵᠤ᠂ ᠲᠤᠭᠳᠠᠭᠠᠯ ᠶᠤᠰᠤᠭᠠᠷ ᠤᠰᠤᠨ ᠤ ᠨᠦᠬᠡᠴᠡ ᠶᠢᠨ ᠲᠠᠳᠠᠪᠤᠷᠢ ᠲᠤᠰᠢᠶᠠᠨ᠎ᠠ ᠬᠡᠵᠤ ᠳᠤᠭᠳᠠᠵᠠᠢ᠃ ᠡᠬᠦᠨ ᠡᠴᠡ ᠭᠠᠳᠠᠨ᠎ᠠ᠂ ᠮᠠᠰᠢᠨ ᠤᠬᠢᠶᠠᠬᠤ ᠭᠠᠵᠠᠷ᠂ ᠪᠡᠶ᠎ᠡ ᠤᠬᠢᠶᠠᠬᠤ ᠭᠠᠵᠠᠷ᠂ ᠭᠤᠯᠢᠹ ᠤᠨ ᠲᠠᠯᠠᠪᠤᠷ᠂ ᠴᠠᠨ᠎ᠠ ᠶᠢᠨ ᠲᠠᠯᠠᠪᠠᠢ ᠵᠡᠷᠬᠡ ᠲᠤᠰᠬᠠᠢ ᠠᠵᠤ ᠠᠬᠤᠶᠢᠯᠠᠯ ᠤᠳ ᠡᠴᠡ ᠤᠰᠤ ᠭᠡᠷᠡᠭᠯᠡᠬᠦ ᠦᠨᠳᠤᠷ ᠲᠠᠳᠠᠪᠤᠷᠢ ᠬᠤᠷᠢᠶᠠᠨ᠎ᠠ᠃

ᠢᠷᠡᠯᠳᠡ᠄ ᠪᠡᠭᠡᠵᠢᠩ ᠤᠨ ᠵᠠᠯᠠᠭᠤᠴᠤᠳ ᠤᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122042531