蒙古文网站Logo
ᠰᠢᠨᠬᠤᠸᠠ ᠮᠤᠩᠭ᠋ᠤᠯ ᠨᠧᠲ

ᠱᠠᠩᠬᠠᠢ ᠶᠢᠨ ᠳ᠋ᠢᠰᠨᠢ ᠶᠢᠨ ᠬᠦᠷᠢᠶᠡᠯᠡᠩ ᠢᠷᠡᠬᠦ ᠵᠢᠯ ᠡᠴᠡ ᠳᠠᠰᠤᠯᠪᠤᠷᠢ ᠶᠢᠨ ᠦᠨ᠎ᠡ ᠪᠡᠨ ᠦᠰᠬᠡᠨ᠎ᠡ

2017-12-07 13:28

    ᠱᠠᠩᠬᠠᠢ ᠶᠢᠨ ᠳ᠋ᠢᠰᠨᠢ ᠠᠮᠠᠷᠠᠯᠲᠠ ᠶᠢᠨ ᠲᠡᠭᠦᠷᠭᠡ ᠶᠢᠨ ᠢᠯᠡᠷᠬᠡᠶᠢᠯᠡᠭᠰᠡᠨ ᠢᠶᠡᠷ᠂ 2018 ᠤᠨ ᠤ 6 ᠰᠠᠷ᠎ᠠ ᠶᠢᠨ 6 ᠤ ᠡᠳᠦᠷ ᠡᠴᠡ ᠡᠬᠢᠯᠡᠨ᠂ ᠱᠠᠩᠬᠠᠢ ᠶᠢᠨ ᠳ᠋ᠢᠰᠨᠢ ᠶᠢᠨ ᠬᠦᠷᠢᠶᠡᠯᠡᠩ ᠨᠢ ᠶᠡᠷᠦᠳᠡ ᠶᠢᠨ ᠬᠠᠩᠰᠢ᠂ ᠤᠷᠬᠢᠯ ᠬᠤᠭᠤᠴᠠᠭᠠᠨ ᠤ ᠬᠠᠩᠰᠢ᠂ ᠠᠮᠠᠷᠠᠯᠲᠠ ᠶᠢᠨ ᠤᠷᠬᠢᠯ ᠬᠤᠭᠤᠴᠠᠭᠠᠨ ᠤ ᠬᠠᠩᠰᠢ ᠬᠡᠬᠦ 3 ᠵᠡᠷᠭᠡᠯᠡᠯ ᠤᠨ ᠬᠠᠩᠰᠢ ᠪᠡᠷ ᠲᠠᠰᠤᠯᠪᠤᠷᠢ ᠬᠤᠳᠠᠯᠳᠤᠬᠤ ᠶᠤᠮ ᠪᠠᠶᠢᠨ᠎ᠠ᠃

    ᠶᠡᠷᠦᠳᠡ ᠶᠢᠨ ᠲᠠᠰᠤᠯᠪᠤᠷᠢ ᠨᠢ 399 ᠲᠦᠭᠦᠷᠢᠭ᠌᠂ ᠬᠦᠮᠦᠨ ᠨᠠᠯᠢᠶᠡᠳ ᠤᠯᠠᠨ ᠤᠷᠬᠢᠯ ᠬᠤᠭᠤᠴᠠᠭᠠᠨ ᠤ (ᠵᠤᠨ ᠤ ᠠᠮᠠᠷᠠᠯᠲᠠ᠂ ᠭᠠᠷᠠᠭ ᠤᠨ ᠰᠡᠭᠦᠯᠴᠢ ᠪᠤᠯᠤᠨ ᠶᠡᠬᠡᠩᠬᠢ ᠠᠮᠠᠷᠠᠯᠲᠠ ᠶᠢᠨ ᠡᠳᠦᠷ ᠢ ᠬᠠᠮᠤᠷᠤᠨ᠎ᠠ) ᠲᠠᠰᠤᠯᠪᠤᠷᠢ ᠨᠢ 575 ᠲᠦᠭᠦᠷᠢᠭ᠌᠂ ᠬᠦᠮᠦᠨ ᠨᠠᠩ ᠤᠯᠠᠨ ᠬᠤᠶᠠᠷ ᠠᠮᠠᠷᠠᠯᠲᠠ ᠶᠢᠨ ᠤᠷᠬᠢᠯ  ᠬᠤᠭᠤᠴᠠᠭᠠᠨ ᠤ (ᠳᠠᠷᠤᠢ ᠴᠠᠭᠠᠨ ᠰᠠᠷ᠎ᠠ ᠶᠢᠨ ᠠᠮᠠᠷᠠᠯᠲᠠ ᠪᠤᠯᠤᠨ ᠤᠯᠤᠰ ᠤᠨ ᠪᠠᠶᠠᠷ ᠤᠨ ᠠᠮᠠᠷᠠᠯᠲᠠ) ᠲᠠᠰᠤᠯᠪᠤᠷᠢ ᠨᠢ 665 ᠲᠦᠭᠦᠷᠢᠭ᠌ ᠬᠡᠵᠤ ᠲᠤᠭᠲᠠᠭᠠᠵᠠᠢ᠃ ᠡᠬᠦᠨ ᠳᠤ᠂ ᠬᠡᠤᠬᠡᠳ(ᠪᠡᠶ᠎ᠠ ᠶᠢᠨ ᠦᠨᠳᠦᠷ ᠨᠢ 1.0-1.4 ᠮᠧᠲ᠋ᠷ᠂ 1.4 ᠮᠧᠲ᠋ᠷ ᠢ ᠪᠠᠬᠲᠠᠭᠠᠨ᠎ᠠ)᠂ ᠨᠠᠰᠤᠲᠠᠶᠢᠴᠤᠳ(65 ᠨᠠᠰᠤᠨ ᠡᠴᠡ ᠳᠡᠭᠡᠭ᠍ᠰᠢ) ᠪᠤᠯᠤᠨ ᠬᠦᠭ᠍ᠵᠢᠯ ᠤᠨ ᠪᠡᠷᠭᠡᠰᠢᠶᠡᠯ ᠲᠠᠢ ᠵᠢᠭᠤᠯᠴᠢᠳ ᠲᠠᠰᠤᠯᠪᠤᠷᠢ ᠬᠤᠳᠠᠯᠳᠤᠨ ᠠᠪᠬᠤ ᠳᠤ 75% ᠶ᠋ᠢᠨ ᠬᠦᠩᠬᠡᠯᠡᠯᠲᠠ ᠲᠠᠢ᠂ ᠨᠢᠯᠬ᠎ᠠ ᠬᠡᠤᠬᠡᠳ (ᠪᠡᠶ᠎ᠠ ᠶᠢᠨ ᠦᠨᠳᠦᠷ ᠨᠢ 1.0 ᠮᠧᠲ᠋ᠷ ᠡᠴᠡ ᠳᠤᠤᠷ᠎ᠠ)ᠲᠠᠰᠤᠯᠪᠤᠷᠢ ᠠᠪᠬᠤ ᠦᠬᠡᠢ ᠪᠠᠶᠢᠵᠤ ᠪᠤᠯᠤᠨ᠎ᠠ᠃

ᠢᠷᠡᠯᠳᠡ᠄ ᠳᠤᠮᠳᠠᠳᠤ ᠤᠯᠤᠰ ᠤᠨ ᠰᠣᠨᠢᠨ ᠮᠡᠳᠡᠬᠡᠨ ᠤ ᠨᠧᠲ ᠪᠡᠯᠡᠳᠭᠡᠭ᠍ᠰᠡᠨ ᠨᠢ᠄ ᠰᠤᠷᠤᠶ᠎ᠠ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122072878