蒙古文网站Logo
ᠰᠢᠨᠬᠤᠸᠠ ᠮᠤᠩᠭ᠋ᠤᠯ ᠨᠧᠲ

2018 ᠤᠨ ᠤ ᠰᠢᠨ᠎ᠠ ᠵᠢᠯ ᠤᠨ ᠲᠤᠷᠠᠰᠬᠠᠯ ᠤᠨ ᠵᠤᠭᠤᠰ ᠢ 12 ᠰᠠᠷ᠎ᠠ ᠶᠢᠨ 15 ᠤ ᠡᠳᠤᠷ ᠡᠴᠡ ᠡᠬᠢᠯᠡᠨ ᠲᠠᠷᠬᠠᠭᠠᠨ᠎ᠠ

2017-12-12 16:21

    ᠲᠤᠮᠳᠠᠳᠤ ᠤᠯᠤᠰ ᠤᠨ ᠠᠷᠠᠳ ᠤᠨ ᠪᠠᠩᠬᠢ 2017 ᠤᠨ ᠤ 12 ᠰᠠᠷ᠎ᠠ ᠶᠢᠨ 15 ᠤ ᠡᠳᠤᠷ ᠡᠴᠡ ᠡᠬᠢᠯᠡᠨ 2018 ᠤᠨ ᠤ ᠰᠢᠨ᠎ᠡ ᠵᠢᠯ ᠤᠨ ᠲᠤᠷᠠᠰᠠᠬᠠᠯ ᠤᠨ ᠵᠤᠭᠤᠰ ᠨᠢᠬᠡ ᠢᠵᠢ ᠲᠠᠷᠬᠠᠭᠠᠬᠤ ᠪᠡᠷ ᠪᠤᠢ᠃ ᠲᠤᠰ ᠢᠵᠢ ᠲᠤᠷᠠᠰᠬᠠᠯ ᠤᠨ ᠵᠤᠭᠤᠰ ᠨᠢ ᠨᠡᠶᠢᠳᠡ 2 ᠰᠢᠷᠭᠡᠭ᠌᠂ ᠲᠤᠰ ᠲᠤᠰ ᠮᠦᠩᠬᠦ ᠪᠡᠷ ᠬᠢᠭ᠍ᠰᠡᠨ ᠨᠢᠬᠡ ᠰᠢᠷᠭᠡᠭ᠌ ᠪᠤᠯᠤᠨ ᠬᠤᠤᠰ ᠦᠩᠬᠡᠳᠤ ᠬᠦᠷᠡᠯ ᠤᠨ ᠬᠠᠢᠢᠯᠤᠰᠢ ᠪᠡᠷ ᠬᠢᠭ᠍ᠰᠡᠨ ᠨᠢᠬᠡ ᠰᠢᠷᠭᠡᠭ᠌᠂ ᠴᠦᠮ ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠬᠠᠤᠯᠢ ᠪᠡᠷ ᠲᠤᠬᠳᠠᠭᠠᠬᠰᠠᠨ ᠵᠤᠭᠤᠰ ᠪᠤᠯᠤᠨ᠎ᠠ᠃

    ᠲᠦᠪ ᠪᠠᠩᠬᠢ ᠶᠢᠨ ᠮᠡᠳᠡᠭᠳᠡᠯ ᠢ ᠦᠨᠳᠦᠰᠦᠯᠡᠪᠡᠯ᠂ 2018 ᠤᠨ ᠤ ᠮᠦᠩᠬᠦ ᠪᠡᠷ ᠬᠢᠭ᠍ᠰᠡᠨ ᠲᠤᠷᠠᠰᠬᠠᠯ ᠤᠨ ᠵᠤᠭᠤᠰ ᠨᠢ ᠲᠤᠭᠤᠷᠢᠭ ᠬᠡᠯᠪᠡᠷᠢ ᠲᠠᠢ᠂ ᠲᠡᠪᠢᠰᠭᠡᠷᠳᠤ ᠶᠢᠨ ᠦᠨ᠎ᠡ ᠨᠢ 3 ᠲᠦᠭᠦᠷᠢᠭ᠌᠂ ᠂ ᠳ᠋ᠢᠶᠠᠮᠧᠲ᠋ᠷ ᠨᠢ 25 ᠮᠢᠯᠢᠮᠧᠲ᠋ᠷ᠂ ᠠᠭᠤᠯᠤᠬᠳᠠᠴᠠ ᠨᠢ 99.9% ᠪᠤᠯᠬᠤ 8 ᠭᠷᠠᠮ ᠮᠦᠩᠬᠦ ᠲᠠᠢ᠂ ᠬᠠᠮᠤᠭ ᠤᠨ ᠤᠯᠠᠨ ᠳᠤ ᠪᠠᠨ 270 ᠲᠦᠮᠡᠨ ᠰᠢᠷᠭᠡᠭ᠌ ᠲᠠᠷᠬᠠᠭᠠᠨ᠎ᠠ᠃ 15 ᠤ ᠡᠳᠤᠷ ᠡᠴᠡ ᠡᠬᠢᠯᠡᠨ ᠢᠷᠭᠡᠳ ᠲᠤᠮᠳᠠᠳᠤ ᠤᠯᠤᠰ ᠤᠨ ᠠᠯᠳᠠᠨ ᠵᠤᠭᠤᠰ ᠤᠨ ᠶᠡᠷᠦᠩᠬᠡᠢ ᠺᠤᠮᠫᠠᠨᠢ ᠡᠴᠡ ᠬᠤᠳᠠᠯᠳᠤᠨ ᠠᠪᠴᠤ ᠪᠤᠯᠤᠨ᠎ᠠ᠃

    ᠬᠤᠤᠰ ᠦᠩᠬᠡᠳᠤ ᠬᠦᠷᠡᠯ ᠤᠨ ᠬᠠᠢᠢᠯᠤᠰᠢ ᠶᠢᠨ ᠲᠤᠷᠠᠰᠬᠠᠯ ᠤᠨ ᠮᠦᠩᠬᠦ ᠶᠢᠨ ᠲᠡᠪᠢᠰᠭᠡᠷᠳᠤ ᠶᠢᠨ ᠦᠨ᠎ᠡ ᠨᠢ 10 ᠲᠦᠭᠦᠷᠢᠭ᠌᠂ ᠳ᠋ᠢᠶᠠᠮᠧᠲ᠋ᠷ ᠨᠢ 27 ᠮᠢᠯᠢᠮᠧᠲ᠋ᠷ᠂ ᠨᠡᠶᠢᠳᠡ 3.5 ᠳ᠋᠋ᠦ᠋ᠩᠰᠢᠭᠤᠷ ᠰᠢᠷᠬᠡᠭ᠌ ᠢ ᠬᠤᠶᠠᠷ ᠪᠦᠯᠦᠭ ᠬᠤᠪᠢᠶᠠᠵᠤ ᠲᠠᠷᠬᠠᠭᠠᠬᠤ ᠪᠡᠷ ᠪᠤᠢ᠃ ᠠᠩᠬᠠᠨ ᠤ ᠪᠦᠯᠦᠭ ᠲᠤ 800 ᠲᠦᠮᠡᠨ ᠰᠢᠷᠬᠡᠭ᠌ ᠲᠠᠷᠬᠠᠭᠠᠨ᠎ᠠ᠂ 2018 ᠤᠨ ᠤ 1 ᠰᠠᠷ᠎ᠠ ᠶᠢᠨ 26 -31 ᠤ ᠡᠳᠤᠷ ᠪᠤᠯᠳᠠᠯ᠎ᠠ ᠵᠠᠬᠢᠶᠠᠯᠠᠬ᠎ᠠ ᠠᠪᠴᠤ 2018 ᠤᠨ ᠤ 2 ᠰᠠᠷ᠎ᠠ ᠶᠢᠨ 2-11 ᠤ ᠡᠳᠤᠷ ᠪᠤᠯᠳᠠᠯ᠎ᠠ ᠵᠤᠭᠤᠰ ᠢᠶᠡᠨ ᠰᠤᠯᠢᠨ᠎ᠠ᠃ ᠬᠤᠶᠠᠳᠤᠭᠠᠷ ᠪᠦᠯᠦᠭ ᠲᠤ 1000 ᠲᠦᠮᠡᠨ ᠰᠢᠷᠬᠡᠭ᠌ ᠲᠠᠷᠬᠠᠭᠠᠨ᠎ᠠ᠂ 2018 ᠤᠨ ᠤ 4 ᠰᠠᠷ᠎ᠠ ᠶᠢᠨ 16 -19 ᠤ ᠡᠳᠤᠷ ᠪᠤᠯᠳᠠᠯ᠎ᠠ ᠵᠠᠬᠢᠶᠠᠯᠠᠭ᠎ᠠ ᠠᠪᠴᠤ᠂ 4 ᠰᠠᠷ᠎ᠠ ᠶᠢᠨ 21-30 ᠤ ᠡᠳᠤᠷ ᠪᠤᠯᠳᠠᠯ᠎ᠠ ᠵᠤᠭᠤᠰ ᠶᠢᠡᠨ ᠰᠤᠯᠢᠨ᠎ᠠ᠃ 2017 ᠤᠨ ᠤ ᠬᠦᠷᠡᠯ ᠤᠨ ᠬᠠᠢᠢᠯᠤᠰᠢ ᠶᠢᠨ ᠲᠤᠷᠠᠰᠬᠠᠯ ᠤᠨ ᠵᠤᠭᠤᠰ ᠢ ᠬᠦᠮᠦᠨ ᠪᠦᠷᠢ 20 ᠰᠢᠷᠭᠡᠭ᠌ ᠵᠠᠬᠢᠶᠠᠯᠠᠵᠤ ᠪᠤᠯᠬᠤ ᠪᠡᠷ ᠬᠢᠵᠠᠭᠠᠷᠯᠠᠨ᠎ᠠ᠃

ᠢᠷᠡᠯᠳᠡ᠄ ᠪᠡᠭᠡᠵᠢᠩ ᠤᠨ ᠤᠷᠤᠢ ᠶᠢᠨ ᠰᠤᠨᠢᠨ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122099234