蒙古文网站Logo
ᠰᠢᠨᠬᠤᠸᠠ ᠮᠤᠩᠭ᠋ᠤᠯ ᠨᠧᠲ

ᠬᠠᠬᠢᠷ ᠬᠦᠢᠳᠡᠨ ‍ᠢ ᠤᠶᠠᠰᠬᠠᠮᠠᠷ ᠬᠠᠶᠢᠷ᠎ᠠ ᠬᠠᠨᠳᠢᠪ ‍ᠤᠨ ᠠᠵᠢᠯᠯᠠᠭ᠎ᠠ

2017-12-19 13:31

    ᠰᠢᠨᠬᠤᠧᠠ ᠮᠤᠩᠭᠤᠯ ᠨᠧᠲ   ᠬᠦᠬᠡᠬᠤᠳᠠ ᠶᠢᠨ 12 ᠰᠠᠷ᠎ᠠ ᠶᠢᠨ 19 ᠤ ᠡᠳᠦᠷ ᠤᠨ ᠴᠠᠬᠢᠯᠭᠠᠨ ᠮᠡᠳᠡᠬᠡ   ᠨᠠᠮ ‍ᠤᠨ ᠠᠷᠪᠠ ᠶᠢᠰᠦᠳᠦᠭᠡᠷ ᠶᠡᠬᠡ ᠬᠤᠷᠠᠯ ᠳᠡᠭᠡᠷ᠎ᠠ᠂ ᠰᠢ ᠵᠢᠨ ᠫᠢᠩ ᠲᠡᠷᠢᠭᠦᠯᠡᠭᠴᠢ《ᠨᠡᠶᠢᠭᠡᠮ ‍ᠤᠨ ᠠᠪᠤᠷᠠᠨ ᠳᠤᠰᠠᠯᠠᠯᠳᠠ᠂ ᠨᠡᠶᠢᠭᠡᠮ ‍ᠤᠨ ᠠᠰᠠᠷᠠᠮᠵᠢ᠂ ᠨᠢᠭᠦᠯᠡᠰᠦᠩᠭᠦᠢ ᠶ᠋ᠢᠨ ᠦᠢᠯᠡᠰ ‍ᠢ ᠲᠡᠭᠦᠯᠳᠡᠷᠵᠢᠭᠦᠯᠬᠦ ᠬᠡᠷᠡᠭᠳᠡᠢ》ᠭᠡᠵᠦ ᠵᠢᠭᠠᠨ ᠭᠠᠷᠭᠠᠬᠰᠡᠨ ᠪᠠᠶᠢᠳᠠᠭ᠃ ᠦᠪᠦᠷ ᠮᠤᠩᠭᠤᠯ ‍ᠤᠨ ᠰᠢᠯᠢ ᠶ᠋ᠢᠨ ᠭᠤᠤᠯ ᠠᠶᠢᠮᠠᠭ ‍ᠤᠨ《ᠰᠢᠨ᠎ᠠ ᠬᠦᠰᠡᠯᠡᠩ》ᠪᠠᠭᠠᠴᠤᠳ ᠬᠡᠤᠬᠡᠳ ‍ᠢ ᠬᠠᠯᠠᠮᠵᠢᠯᠠᠨ ᠳᠤᠰᠠᠯᠠᠬᠤ ᠨᠡᠶᠢᠭᠡᠮᠯᠢᠭ ᠨᠢ ᠨᠠᠮ ‍ᠤᠨ ᠠᠷᠪᠠ ᠶᠢᠰᠦᠳᠦᠭᠡᠷ ᠶᠡᠬᠡ ᠬᠤᠷᠠᠯ ‍ᠤᠨ ᠵᠤᠷᠢᠭ ᠰᠠᠨᠠᠭ᠎ᠠ ᠶ᠋ᠢ ᠪᠤᠳᠠᠳᠦ ᠠᠵᠢᠯᠯᠠᠭ᠎ᠠ ᠪᠠᠷ ‍ᠢᠶ᠋ᠡᠨ ᠦᠢᠯᠡᠳᠦᠯᠬᠡᠵᠢᠭᠦᠯᠦᠨ᠂ ᠠᠮᠢᠳᠤᠷᠠᠯ ᠨᠢ ᠬᠦᠴᠢᠷᠳᠡᠯᠲᠠᠢ ᠰᠤᠷᠤᠬᠴᠢ ᠶ᠋ᠢ ᠳᠤᠰᠠᠯᠠᠨ ᠳᠡᠮᠵᠢᠬᠦ ᠬᠠᠨᠳᠢᠪ ‍ᠤᠨ ᠠᠵᠢᠯᠯᠠᠭ᠎ᠠ ᠪᠠᠨ ᠡᠬᠢᠯᠡᠭᠦᠯᠪᠡ᠃

    12 ᠰᠠᠷ᠎ᠠ ᠶ᠋ᠢᠨ 16 ᠤ ᠡᠳᠦᠷ᠂ ᠰᠢᠯᠢ ᠨᠤᠳᠤᠭ ‍ᠤᠨ ᠬᠦᠢᠳᠡᠨ ‍ᠤ ᠡᠷᠴᠢ ᠴᠢᠩᠭᠠᠷᠠᠵᠦ᠂ ᠬᠠᠴᠠᠷ ᠨᠢᠭᠤᠷ ‍ᠢ ᠵᠢᠮᠵᠢᠭᠨᠡᠭᠦᠯᠦᠨ ᠬᠠᠭᠠᠷᠢᠵᠦ ᠪᠠᠶᠢᠬᠰᠡᠨ ᠴᠦ《ᠰᠢᠨ᠎ᠠ ᠬᠦᠰᠡᠯᠡᠩ》ᠪᠠᠭᠠᠴᠤᠳ ᠬᠡᠤᠬᠡᠳ ‍ᠢ ᠬᠠᠯᠠᠮᠵᠢᠯᠠᠨ ᠳᠤᠰᠠᠯᠠᠬᠤ ᠨᠡᠶᠢᠭᠡᠮᠯᠢᠭ᠂ ᠰᠢᠯᠢᠩᠬᠤᠳᠠ ᠳ᠋ᠥ ᠠᠩᠬᠠᠳᠤᠭᠠᠷ ᠤᠳᠠᠭᠠᠨ ‍ᠤ ᠬᠠᠨᠳᠢᠪ ‍ᠤᠨ ᠠᠵᠢᠯᠯᠠᠭᠠᠨ ‍ᠤ ᠡᠬᠢᠯᠡᠯᠳᠠ ᠶ᠋ᠢᠨ ᠶᠤᠰᠤᠯᠠᠯ ‍ᠢᠶ᠋ᠡᠨ ᠶᠠᠪᠤᠭᠤᠯᠵᠦ᠂ ᠠᠮᠢᠳᠤᠷᠠᠯ ᠨᠢ ᠬᠦᠴᠢᠷᠳᠡᠯᠲᠠᠢ ᠬᠤᠶᠠᠷ ᠰᠤᠷᠤᠬᠴᠢ ᠶ᠋ᠢ ᠳᠤᠰᠠᠯᠠᠵᠠᠢ᠃ ᠰᠢᠯᠢᠩᠬᠤᠳᠠ ᠶ᠋ᠢᠨ ᠬᠤᠶᠠᠳᠤᠭᠠᠷ ᠪᠠᠭ᠎ᠠ ᠰᠤᠷᠭᠠᠭᠤᠯᠢ ᠶ᠋ᠢᠨ ᠳᠠᠪᠤᠳᠤᠭᠠᠷ ᠤᠨ ‍ᠤ ᠨᠢᠭᠡ ᠦᠬᠢᠨ ᠰᠤᠷᠤᠬᠴᠢ ᠶ᠋ᠢᠨ ᠠᠪᠤ᠋ ᠨᠢ ᠴᠢᠰᠤ ᠴᠠᠶᠢᠬᠤ ᠡᠪᠡᠳᠴᠢᠨ ‍ᠢᠶ᠋ᠡᠷ ᠨᠠᠰᠦ ᠪᠠᠷᠠᠬᠤ  ᠳᠠᠭᠠᠨ ᠭᠡᠷ ᠪᠦᠯᠢ ᠳ᠋ᠡᠭᠡᠨ ᠶᠡᠬᠡ ᠦᠷᠢ ᠰᠢᠷᠢ ᠳᠠᠳᠠᠵᠦ᠂ ᠡᠵᠢ ᠨᠢ ᠡᠭᠦᠨ ᠡᠴᠠ ᠪᠤᠯᠵᠦ ᠭᠠᠩᠰᠠᠷᠠᠬᠤ ᠡᠪᠡᠳᠴᠢᠨ ᠤᠯᠤᠬᠰᠡᠨ ‍ᠢᠶ᠋ᠡᠷ ᠠᠮᠢᠳᠤᠷᠠᠯ ᠨᠢ ᠲᠤᠩ ᠬᠦᠴᠢᠷ ᠲᠠᠢ ᠪᠤᠯᠵᠦ᠂ ᠨᠠᠭᠠᠴᠦ ᠡᠪᠦᠭᠡ ᠨᠢ ᠭᠡᠷ ᠳᠤᠨᠢ ᠢᠷᠡᠵᠦ ᠬᠠᠷᠠᠭᠠᠯᠵᠠᠵᠦ ᠪᠠᠶᠢᠭ᠎ᠠ ᠶᠤᠮ; ᠰᠢᠯᠢᠩᠬᠤᠳᠠ ᠶ᠋ᠢᠨ ᠳᠤᠯᠤᠳᠤᠭᠠᠷ ᠪᠠᠭ᠎ᠠ ᠰᠤᠷᠭᠠᠭᠤᠯᠢ ᠶ᠋ᠢᠨ ᠭᠤᠷᠪᠠᠳᠤᠭᠠᠷ ᠤᠨ ‍ᠤ ᠵᠢᠭᠠᠯ ᠬᠦᠦ ᠶ᠋ᠢᠨ ᠡᠵᠢ ᠨᠢ ᠡᠪᠡᠳᠴᠢᠨ ‍ᠢᠶ᠋ᠡᠷ ᠨᠠᠰᠦ ᠪᠠᠷᠠᠵᠦ᠂ ᠠᠪᠤ᠋ ᠨᠢ ᠪᠠᠰᠠ ᠵᠡᠮᠳᠡᠭ ᠪᠤᠯᠬᠤᠷ ᠴᠠᠯᠢᠩ ᠬᠦᠯᠦᠰᠦ ᠨᠢ ᠳᠤᠤᠷ᠎ᠠ᠂ ᠠᠮᠢᠳᠤᠷᠠᠯ ᠨᠢ ᠲᠤᠩ ᠬᠦᠴᠢᠷ ᠲᠠᠢ ᠪᠤᠯᠵᠠᠢ᠃ ᠡᠨᠡ ᠤᠳᠠᠭ᠎ᠠ《ᠰᠢᠨ᠎ᠠ ᠬᠦᠰᠡᠯᠡᠩ》ᠨᠡᠶᠢᠭᠡᠮᠯᠢᠭ ‍ᠤᠨ ᠬᠢᠨ ᠳᠡᠳᠡᠨ ‍ᠤ ᠪᠠᠶᠢᠳᠠᠯ ‍ᠢ ᠤᠶᠢᠯᠠᠭᠠᠬᠰᠡᠨ ‍ᠤ ᠳᠠᠷᠠᠭ᠎ᠠ ᠭᠤᠯᠢᠷ᠂ ᠪᠤᠳᠠᠭ᠎ᠠ᠂ ᠬᠦᠨᠡᠰᠦᠨ ᠤ ᠳᠤᠰᠤ ᠪᠠ ᠠᠮᠢᠳᠤᠷᠠᠯ ‍ᠤᠨ ᠬᠡᠷᠡᠭᠰᠡᠯ ᠬᠦᠷᠭᠡᠵᠦ᠂ ᠬᠠᠮᠳᠦ ᠤᠴᠢᠬᠰᠡᠨ ᠪᠠᠭ᠎ᠠ ᠨᠦᠬᠦᠳ ᠨᠠᠷ ᠴᠦ ᠬᠤᠪᠴᠠᠰᠦ ᠬᠤᠨᠠᠷ᠂ ᠳᠡᠪᠳᠡᠷ ᠨᠤᠮ᠂ ᠪᠢᠴᠢᠭ ‍ᠤᠨ ᠬᠡᠷᠡᠭᠰᠡᠯ ᠬᠦᠷᠬᠡᠵᠡᠢ᠃ ᠤᠶᠢᠯᠠᠭᠠᠬᠰᠡᠨ ‍ᠢᠶ᠋ᠡᠷ᠂ ᠰᠢᠯᠢ ᠶ᠋ᠢᠨ ᠭᠤᠤᠯ ᠠᠶᠢᠮᠠᠭ ‍ᠤᠨ《ᠰᠢᠨ᠎ᠠ ᠬᠦᠰᠡᠯᠡᠩ》ᠪᠠᠭᠠᠴᠤᠳ ᠬᠡᠤᠬᠡᠳ ‍ᠢ ᠬᠠᠯᠠᠮᠵᠢᠯᠠᠨ ᠳᠤᠰᠠᠯᠠᠬᠤ ᠨᠡᠶᠢᠭᠡᠮᠯᠢᠭ ᠨᠢ 2017 ᠤᠨ ‍ᠤ 11 ᠰᠠᠷ᠎ᠠ ᠶ᠋ᠢᠨ 23 ᠤ ᠡᠳᠦᠷ ᠠᠷᠠᠳ ‍ᠤᠨ ᠶᠠᠪᠤᠳᠠᠯ ‍ᠤᠨ ᠳᠤᠪᠴᠢᠶᠠᠨ ᠳ᠋ᠥ ᠳᠠᠩᠰᠠᠯᠭᠤᠯᠤᠨ ᠵᠢᠩᠭᠢᠨᠢ ᠪᠠᠷ ᠪᠠᠶᠢᠭᠤᠯᠤᠬᠳᠠᠵᠠᠢ᠃ ᠡᠨᠡ ᠨᠢ ᠮᠦᠨᠴᠦ ᠰᠢᠯᠢ ᠶ᠋ᠢᠨ ᠭᠤᠤᠯ ᠠᠶᠢᠮᠠᠭ ‍ᠤᠨ ᠴᠤᠷ ‍ᠤᠨ ᠭᠠᠬᠴᠠ ᠬᠡᠤᠬᠡᠳ ᠪᠠᠭᠠᠴᠤᠳ ‍ᠢ ᠠᠪᠤᠷᠠᠨ ᠳᠤᠰᠠᠯᠠᠬᠤ ᠪᠠᠷ ᠵᠤᠷᠢᠯᠭ᠎ᠠ ᠪᠠᠨ ᠪᠤᠯᠭᠠᠬᠰᠡᠨ ᠨᠡᠶᠢᠭᠡᠮᠯᠢᠭ ᠪᠤᠯᠬᠤ ᠶᠤᠮ᠃

    ᠲᠤᠰ ᠤᠳᠠᠭᠠᠨ ‍ᠤ ᠠᠵᠢᠯᠯᠠᠭ᠎ᠠ ᠶ᠋ᠢ《ᠰᠢᠨ᠎ᠠ ᠬᠦᠰᠡᠯᠡᠩ》ᠨᠡᠶᠢᠭᠡᠮᠯᠢᠭ ᠭᠤᠤᠯᠯᠠᠨ ᠡᠷᠬᠢᠯᠡᠵᠦ᠂ ᠰᠢᠯᠢ ᠶ᠋ᠢᠨ ᠭᠤᠤᠯ ᠠᠶᠢᠮᠠᠭ ‍ᠤᠨ ᠠᠪᠤᠷᠠᠨ ᠳᠤᠰᠠᠯᠠᠬᠤ ᠬᠠᠮᠢᠶᠠᠷᠤᠯᠳᠠ ᠶ᠋ᠢᠨ ᠦᠷᠳᠡᠭᠡᠨ ‍ᠤ ᠨᠠᠰᠤᠨ ᠳ᠋ᠥ ᠦᠯᠦ ᠬᠦᠷᠦᠭᠰᠡᠳ ‍ᠢ ᠬᠠᠮᠠᠭᠠᠯᠠᠬᠤ ᠲᠦᠪ᠂ ᠰᠢᠯᠢᠩᠬᠤᠳᠠ ᠶ᠋ᠢᠨ ᠲᠠᠪᠤᠳᠤᠭᠠᠷ ᠪᠠᠭ᠎ᠠ ᠰᠤᠷᠭᠠᠭᠤᠯᠢ ᠶ᠋ᠢᠨ ᠭᠤᠷᠪᠠᠳᠤᠭᠠᠷ ᠤᠨ ‍ᠤ ᠳᠤᠯᠤᠳᠤᠭᠠᠷ ᠠᠩᠭᠢ ᠶ᠋ᠢᠨ ᠪᠦᠬᠦ ᠪᠠᠬᠰᠢ ᠰᠤᠷᠤᠬᠴᠢᠳ᠂ ᠰᠢᠯᠢ ᠶ᠋ᠢᠨ ᠭᠤᠤᠯ ᠠᠶᠢᠮᠠᠭ ‍ᠤᠨ ᠱᠧᠩ ᠶᠤᠸᠠᠨ ᠰᠢᠨ ᠬᠤᠳᠠᠯᠳᠤᠭᠠᠨ ‍ᠤ ᠶᠠᠪᠤᠳᠠᠯ ‍ᠤᠨ ᠦᠢᠯᠡᠴᠢᠯᠡᠯᠭᠡᠨ ‍ᠤ ᠬᠢᠵᠠᠭᠠᠷᠳᠦ ᠬᠠᠷᠢᠭᠤᠴᠠᠯᠭᠠᠳᠦ ᠺᠤᠮᠫᠠᠨᠢ ᠪᠤᠯᠤᠨ ᠰᠢᠯᠢ ᠶ᠋ᠢᠨ ᠭᠤᠤᠯ ᠠᠶᠢᠮᠠᠭ ‍ᠤᠨ ᠴᠢᠤᠸᠠᠨ ᠱᠦᠨ ᠵᠢᠭᠤᠴᠢᠯᠠᠯ ‍ᠤᠨ ᠠᠶᠠᠨᠴᠢᠨ ‍ᠤ ᠵᠦᠭᠡᠭᠡᠪᠦᠷᠢ ᠶ᠋ᠢᠨ ᠺᠤᠮᠫᠠᠨᠢ ᠡᠴᠠ ᠬᠠᠮᠵᠢᠯᠴᠠᠨ ᠡᠷᠬᠢᠯᠡᠵᠡᠢ᠃ (ᠨᠡᠶᠢᠳᠡᠯᠡᠯ ᠵᠢᠷᠤᠭ ᠢ ᠰᠢᠯᠢᠩᠬᠤᠳᠠ ᠶᠢᠨ ᠳᠤᠭ᠎ᠠ ᠪᠦᠷᠢᠳᠬᠡᠯ ᠤᠨ ᠳᠤᠪᠴᠢᠶ᠎ᠠ ᠶᠢᠨ ᠴᠢᠷᠮ᠎ᠠ)

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122134476