蒙古文网站Logo
ᠰᠢᠨᠬᠤᠸᠠ ᠮᠤᠩᠭ᠋ᠤᠯ ᠨᠧᠲ

ᠵᠡᠬᠦᠨ ᠦᠵᠦᠮᠦᠴᠢᠨ ᠬᠤᠰᠢᠭᠤ᠄ ᠴᠠᠬᠢᠮ ᠬᠤᠳᠠᠯᠳᠤᠭ᠎ᠠ ᠨᠢ ᠶᠠᠲᠠᠭᠤ ᠶᠢ ᠲᠡᠳᠬᠦᠬᠦ ᠰᠢᠪᠲᠤᠯᠤᠯᠲᠠ ᠶᠢᠨ ᠰᠢᠨ᠎ᠡ ᠠᠷᠭ᠎ᠠ ᠵᠠᠮ ᠪᠤᠯᠪᠠ

2017-12-22 16:56

    ᠰᠢᠨᠬᠤᠧᠠ ᠮᠤᠩᠭ᠋ᠤᠯ ᠨᠧᠲ   ᠬᠦᠬᠡᠬᠤᠲᠠ ᠶᠢᠨ 12 ᠰᠠᠷ᠎ᠠ ᠶᠢᠨ 22 ᠤᠨ ᠡᠲᠦᠷ ᠤᠨ ᠴᠠᠬᠢᠯᠭᠠᠨ ᠮᠡᠲᠡᠭᠡ   ᠨᠢᠲᠤᠨᠤᠨ ᠡᠴᠡ ᠨᠠᠰᠢ ᠦᠪᠦᠷ ᠮᠤᠩᠭ᠋ᠤᠯ ᠤᠨ ᠰᠢᠯᠢ ᠶᠢᠨ ᠭᠤᠤᠯ ᠠᠶᠢᠮᠠᠭ ᠤᠨ ᠵᠡᠬᠦᠨ ᠦᠵᠦᠮᠦᠴᠢᠨ ᠬᠤᠰᠢᠭᠤ ᠤᠯᠤᠰ ᠤᠨ ᠵᠡᠷᠭᠡᠯᠡᠯ ᠤᠨ ᠴᠠᠬᠢᠮ ᠠᠷᠠᠯᠵᠢᠶᠠᠨ ᠤ ᠶᠠᠪᠤᠲᠠᠯ ᠢ ᠬᠦᠲᠡᠭᠡ ᠤᠷᠤᠨ ᠨᠤᠲᠤᠭ ᠲᠤ ᠤᠷᠤᠭᠤᠯᠤᠭᠰᠠᠨ ᠶᠡᠷᠦᠩᠬᠡᠶᠢᠯᠠᠨ ᠵᠢᠱᠢᠶ᠎ᠠ ᠦᠵᠡᠬᠦᠯᠬᠦ ᠬᠤᠰᠢᠭᠤ ᠪᠠᠶᠢᠭᠤᠯᠬᠤ ᠬᠠᠷᠠᠯᠲᠠ ᠶᠢᠨ ᠲᠠᠭᠠᠤ ᠴᠠᠬᠢᠮ ᠬᠤᠳᠠᠯᠳᠤᠭ᠎ᠠ ᠪᠡᠷ ᠶᠠᠲᠠᠭᠤ ᠶᠢ ᠲᠡᠳᠬᠦᠵᠦ᠂ ᠲᠤᠰᠬᠠᠢ ᠪᠠᠭ ᠲᠤᠰᠬᠠᠢ ᠠᠵᠢᠯ ᠤᠨ ᠲᠦᠰᠦᠯ ᠬᠡᠷᠡᠭᠵᠢᠬᠦᠯᠬᠦ ᠰᠠᠨᠠᠯ ᠭᠠᠷᠭᠠᠨ 58 ᠲᠦᠷᠦᠯ ᠤᠨ ᠪᠦᠲᠦᠭᠡᠭ᠍ᠲᠡᠬᠦᠨ ᠢ ᠵᠢᠶᠠᠩᠰᠦ᠂ ᠭᠤᠧᠠᠩᠵᠧᠦ᠂ ᠪᠡᠭᠡᠵᠢᠩ᠂ ᠱᠠᠨᠳᠦ᠋ᠩ ᠵᠡᠷᠭᠡ ᠬᠤᠷᠢ ᠭᠠᠷᠤᠢ ᠮᠤᠵᠢ ᠬᠤᠲᠠ ᠪᠡᠷ ᠪᠤᠷᠤᠯᠠᠭᠤᠯᠵᠤ ᠪᠠᠶᠢᠨ᠎ᠠ᠃ ᠡᠭᠦᠨ ᠤ ᠬᠠᠮᠲᠤ ᠤᠬᠠᠭᠤᠯᠭ᠎ᠠ ᠪᠠ ᠪᠤᠯᠪᠠᠰᠤᠷᠠᠯ ᠢ ᠵᠡᠷᠭᠡᠪᠡᠷ ᠠᠳᠬᠤᠵᠤ᠂ ᠡᠯ᠎ᠡ ᠲᠦᠷᠦᠯ ᠤᠨ ᠴᠠᠬᠢᠮ ᠬᠤᠳᠠᠯᠳᠤᠭᠠᠨ ᠤ ᠪᠤᠯᠪᠠᠰᠤᠷᠠᠯ ᠢ 30 ᠬᠤᠭᠤᠴᠠᠭ᠎ᠠ ᠡᠷᠬᠢᠯᠡᠵᠦ᠂ ᠲᠠᠪᠬᠤᠷᠲᠠᠭᠰᠠᠨ ᠲᠤᠭ᠎ᠠ ᠪᠡᠷ 2256 ᠬᠦᠮᠦᠨ ᠳ᠋ᠤ ᠪᠤᠯᠪᠠᠰᠤᠷᠠᠯ ᠬᠦᠷᠲᠡᠭᠡᠵᠡᠢ᠃ ᠮᠦᠨ ᠡᠭᠦᠨ ᠡᠴᠡ ᠭᠠᠲᠠᠨ᠎ᠠ ᠴᠠᠬᠢᠮ ᠬᠤᠳᠠᠯᠳᠤᠭᠠᠨ ᠤ ᠲᠤᠰᠬᠠᠢ ᠸᠢᠴᠠᠲ ᠲᠠᠪᠴᠠᠩ ᠠᠵᠢᠯᠯᠠᠭᠤᠯᠤᠬᠰᠠᠨ ᠶᠢᠡᠷ ᠠᠩᠬᠠᠷᠤᠯ ᠬᠠᠨᠲᠤᠭᠤᠯᠤᠭᠰᠠᠨ ᠬᠦᠮᠦᠨ ᠤ ᠲᠤᠭ᠎ᠠ ᠨᠢ 500 ᠳ᠋ᠤ ᠬᠦᠷᠴᠦ ᠪᠠᠶᠢᠨ᠎ᠠ᠃

    ᠲᠤᠤ ᠪᠤᠤ᠂ ᠵᠢᠩ ᠳ᠋ᠦᠩ᠂ ᠰᠦ ᠨᠢᠩ ᠵᠡᠷᠭᠡ ᠨᠡᠷᠡᠲᠦ ᠲᠠᠪᠴᠠᠩ ᠤᠳ ᠢ ᠠᠰᠢᠭᠯᠠᠨ 《ᠤᠨᠴᠠᠯᠢᠭᠲᠤ ᠲᠡᠯᠭᠡᠭᠦᠷ》ᠨᠡᠬᠡᠬᠡᠵᠦ᠂ ᠢᠨᠲ᠋ᠧᠷᠨᠧᠲ  ᠶᠢᠡᠷ ᠪᠤᠷᠤᠯᠠᠭᠤᠯᠤᠭᠰᠠᠨ ᠦᠷᠲᠡᠭ 3936.3 ᠲᠦᠮᠡᠨ ᠲᠦᠭᠦᠷᠢᠭ᠌ ᠲᠤ ᠬᠦᠷᠴᠡᠢ᠃ ᠮᠦᠨ ᠡᠭᠦᠨ ᠡᠴᠡ ᠭᠠᠲᠠᠨ᠎ᠠ ᠪᠤᠰᠤᠳ ᠲᠦᠷᠦᠯ ᠤᠨ ᠴᠠᠬᠢᠮ ᠬᠤᠳᠠᠯᠳᠤᠭᠠᠨ ᠤ ᠶᠠᠪᠤᠲᠠᠯ ᠤᠨ ᠲᠠᠪᠴᠠᠩ ᠲᠠᠢ ᠬᠤᠷᠰᠢᠵᠤ ᠲᠤᠬᠠᠢ ᠶᠢᠨ ᠤᠷᠤᠨ ᠤ ᠮᠠᠯ ᠲᠠᠷᠢᠶᠠᠯᠠᠩ ᠤᠨ ᠪᠦᠲᠦᠭᠡᠭ᠍ᠲᠡᠬᠦᠨ ᠢ ᠪᠤᠷᠤᠯᠠᠭᠤᠯᠵᠤ᠂ ᠲᠠᠩᠰᠠᠨ ᠳ᠋ᠤ ᠪᠠᠶᠢᠭ᠎ᠠ ᠶᠠᠲᠠᠭᠤ ᠬᠦᠴᠢᠷᠲᠡᠯᠲᠡᠢ ᠡᠷᠦᠬᠡ ᠶᠢᠨ 19 ᠡᠷᠦᠬᠡ ᠳ᠋ᠤ ᠦᠢᠯᠡᠴᠢᠯᠡᠨ ᠬᠦᠮᠦᠨ ᠪᠦᠷᠢ ᠳ᠋ᠤ 1800 ᠤᠷᠴᠢᠮ ᠲᠦᠭᠦᠷᠢᠭ᠌ ᠤᠨ ᠤᠷᠤᠯᠭ᠎ᠠ ᠨᠡᠮᠡᠭᠲᠡᠬᠦᠯᠵᠦ ᠦᠭ᠍ᠪᠡ᠃ (ᠦᠪᠦᠷ ᠮᠤᠩᠭ᠋ᠤᠯ ᠤᠨ ᠵᠡᠬᠦᠨ ᠦᠵᠦᠮᠦᠴᠢᠨ ᠬᠤᠰᠢᠭᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠳᠡᠰ ᠤᠨ ᠬᠡᠬᠡᠨᠬᠠᠰ)

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠬ • ᠦᠵᠡᠰᠭᠦᠯᠡᠩ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122153807