蒙古文网站Logo
ᠰᠢᠨᠬᠤᠸᠠ ᠮᠤᠩᠭ᠋ᠤᠯ ᠨᠧᠲ

ᠲᠤᠮᠳᠠᠳᠤ ᠤᠯᠤᠰ ᠤᠨ ᠲᠤᠮᠳᠠᠳᠤ ᠵᠡᠬᠦᠨ ᠬᠡᠰᠡᠭ ᠤᠨ ᠶᠡᠬᠡᠩᠬᠢ ᠪᠦᠰᠡ ᠨᠤᠳᠤᠭ ᠲᠤ ᠪᠤᠷᠤᠭᠠᠨ ᠴᠠᠰᠤᠨ ᠤ ᠴᠠᠭ ᠠᠭᠠᠷ ᠢᠯᠡᠷᠡᠨ᠎ᠡ

2018-01-02 12:40

    ᠲᠦᠪ ᠤᠨ ᠴᠠᠭ ᠠᠭᠤᠷ ᠤᠨ ᠲᠤᠪᠴᠢᠶ᠎ᠠ ᠡᠴᠡ 1 ᠤ ᠦᠷᠯᠦᠬᠡ ᠨᠡᠶᠢᠳᠡᠯᠡᠭᠰᠡᠨ ᠴᠠᠭ ᠠᠭᠠᠷ ᠤᠨ ᠮᠡᠳᠡᠬᠡᠯᠡᠯ ᠳᠤ᠂ 1 ᠤ ᠡᠳᠤᠷ ᠤᠯᠤᠰ ᠲᠠᠶᠠᠭᠠᠷ ᠤᠨ ᠬᠡᠪᠴᠢᠶᠡᠨ ᠳᠤ ᠲᠤᠨᠳᠠᠰᠤᠨ ᠤ ᠬᠡᠮᠵᠢᠶ᠎ᠡ ᠪᠠᠭ᠎ᠠ᠂ 2-4 ᠤ ᠡᠳᠤᠷ ᠪᠤᠯᠳᠠᠯ᠎ᠠ ᠲᠤᠮᠳᠠᠳᠤ ᠤᠯᠤᠰ ᠤᠨ ᠲᠤᠮᠳᠠ ᠵᠡᠬᠦᠨ ᠬᠡᠰᠡᠭ ᠲᠤ ᠶᠡᠬᠡ ᠬᠡᠮᠵᠢᠶᠡᠨ ᠤ ᠪᠤᠷᠤᠭᠠᠨ ᠴᠠᠰᠤᠨ ᠤ ᠴᠠᠭ ᠠᠭᠠᠷ ᠢᠯᠡᠷᠡᠨ᠎ᠡ᠃

    2-4 ᠤ ᠡᠳᠤᠷ᠂ ᠲᠤᠮᠳᠠᠳᠤ ᠤᠯᠤᠰ ᠤᠨ ᠲᠤᠮᠳᠠ ᠵᠡᠬᠦᠨ ᠬᠡᠰᠡᠭ ᠤᠨ ᠶᠡᠬᠡᠩᠬᠢ ᠪᠦᠰᠡ ᠨᠤᠳᠤᠭ ᠲᠤ ᠶᠡᠬᠡ ᠬᠡᠮᠵᠢᠶᠡᠨ ᠤ ᠪᠤᠷᠤᠭᠠᠨ ᠴᠠᠰᠤᠨ ᠤ ᠴᠠᠭ ᠠᠭᠠᠷ ᠢᠯᠡᠷᠡᠵᠤ᠂ ᠪᠠᠷᠠᠭᠤᠨ ᠬᠤᠶᠢᠳᠤ ᠬᠡᠰᠡᠭ ᠤᠨ ᠵᠡᠬᠦᠨ ᠪᠦᠰᠡ ᠨᠤᠳᠤᠭ᠂ ᠬᠤᠸᠠᠪᠧᠢ ᠶᠢᠨ ᠡᠮᠦᠨ᠎ᠡ ᠪᠦᠰᠡ ᠨᠤᠳᠤᠭ᠂ ᠬᠤᠸᠠᠩᠬᠤᠸᠠᠢ᠂ ᠵᠢᠶᠠᠩᠨᠠᠨ ᠤ ᠬᠤᠶᠢᠳᠤ ᠪᠦᠰᠡ ᠨᠤᠳᠤᠭ ᠵᠡᠷᠬᠡ ᠳᠤ ᠲᠤᠮᠳᠠ ᠡᠴᠡ ᠶᠡᠬᠡ ᠴᠠᠰᠤ ᠤᠷᠤᠨ᠎ᠠ᠃ ᠡᠬᠦᠨ ᠳᠤ᠂ ᠱᠠᠨᠰᠢ ᠶᠢᠨ ᠲᠤᠮᠳᠠ ᠡᠮᠦᠨ᠎ᠡ ᠪᠦᠰᠡ᠂ ᠾᠧᠨᠠᠨ᠂ ᠬᠤᠪᠧᠢ ᠶᠢᠨ ᠬᠤᠶᠢᠳᠤ ᠪᠦᠰᠡ᠂ ᠵᠢᠶᠠᠩᠰᠦ ᠠᠨᠾᠦ᠋ᠢ ᠶᠢᠨ ᠬᠤᠶᠢᠳᠤ ᠪᠦᠰᠡ ᠵᠡᠷᠬᠡ ᠶᠢᠨ ᠵᠠᠷᠢᠮ ᠪᠦᠰᠡ ᠨᠤᠳᠤᠭ ᠲᠤ ᠶᠡᠬᠡ ᠴᠠᠰᠤ ᠤᠷᠤᠵᠤ᠂ ᠬᠡᠰᠡᠭ ᠭᠠᠵᠠᠷ ᠲᠤ ᠨᠢ ᠰᠢᠭᠤᠷᠭᠠᠨᠳᠤ ᠴᠠᠰᠤ ᠲᠠᠢ᠃ ᠪᠠᠷᠠᠭᠤᠨ ᠡᠮᠦᠨ᠎ᠡ ᠬᠡᠰᠡᠭ ᠤᠨ ᠵᠡᠬᠦᠨ ᠪᠦᠰᠡ᠂ ᠵᠢᠶᠠᠩᠬᠤᠸᠠᠢ᠂ ᠵᠢᠶᠠᠩᠨᠠᠨ ᠤ ᠬᠤᠶᠢᠳᠤ ᠪᠦᠰᠡ ᠵᠡᠷᠬᠡ ᠶᠢᠨ ᠵᠠᠷᠢᠮ ᠪᠦᠰᠡ ᠨᠤᠳᠤᠭ ᠲᠤ ᠲᠤᠮᠳᠠ ᠡᠴᠡ ᠶᠡᠬᠡ ᠪᠤᠷᠤᠭᠠᠨ ᠲᠠᠢ᠃

    ᠤᠶᠢᠷ᠎ᠡ ᠳᠤ ᠬᠦᠢᠳᠡᠨ ᠴᠠᠭ ᠠᠭᠠᠷ ᠤᠨ ᠨᠦᠯᠦᠭᠡ ᠪᠡᠷ ᠶᠡᠬᠡ ᠬᠡᠮᠵᠢᠶᠡᠨ ᠤ ᠪᠤᠷᠤᠭᠠᠨ ᠴᠠᠰᠤᠨ ᠤ ᠠᠭᠤᠷ ᠠᠮᠢᠰᠬᠤᠯ ᠢᠯᠡᠷᠡᠬᠦ ᠲᠤᠯᠠ ᠢᠷᠭᠡᠳ ᠲᠤᠯᠠᠭᠠᠯᠠᠭ᠎ᠠ ᠪᠡᠨ ᠰᠠᠶᠢᠳᠤᠷ ᠬᠢᠵᠤ᠂ ᠬᠠᠨᠢᠶᠠᠳᠤ ᠬᠢᠮᠤᠷᠠᠭ᠎ᠠ ᠡᠴᠡ ᠰᠡᠷᠬᠡᠶᠢᠯᠡᠵᠤ᠂ ᠪᠤᠷᠤᠭᠠᠨ ᠴᠠᠰᠤ ᠤᠷᠤᠬᠤ ᠪᠤᠶᠤ ᠦᠵᠡᠭᠳᠡᠴᠠ ᠲᠤᠤᠷ᠎ᠠ ᠡᠴᠡ ᠪᠤᠯᠵᠤ ᠵᠠᠮ ᠬᠠᠷᠢᠯᠴᠠᠭᠠᠨ ᠳᠤ ᠠᠪᠴᠢᠷᠠᠬᠤ ᠠᠰᠢᠭ ᠦᠭᠡᠢ ᠨᠦᠯᠦᠬᠡ ᠶᠢ ᠠᠩᠬᠠᠷᠬᠤ ᠬᠡᠷᠡᠭᠲᠡᠢ ᠬᠡᠵᠤ ᠴᠠᠭ ᠠᠭᠤᠷ ᠤᠨ ᠲᠤᠰᠬᠠᠢ ᠮᠡᠷᠬᠡᠵᠢᠯᠳᠡᠨ ᠰᠠᠨᠠᠭᠤᠯᠵᠤ ᠪᠠᠶᠢᠨ᠎ᠠ᠃ 

ᠢᠷᠡᠯᠳᠡ᠄ ᠲᠤᠮᠳᠠᠳᠤ ᠤᠯᠤᠰ ᠤᠨ ᠰᠤᠨᠢᠨ ᠮᠡᠳᠡᠬᠡᠨ ᠤ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120701122198159