蒙古文网站Logo
ᠰᠢᠨᠬᠤᠸᠠ ᠮᠤᠩᠭ᠋ᠤᠯ ᠨᠧᠲ

ᠭᠤᠸᠠᠩᠳᠦ᠋ᠩ ᠮᠤᠵᠢ ᠳᠠᠮᠵᠢᠭᠤᠯᠤᠨ ᠪᠤᠷᠤᠯᠠᠭᠤᠯᠭ᠎ᠠ ᠵᠢ ᠢᠯᠡᠴᠢᠯᠡᠭᠰᠡᠳ ᠢ ᠬᠠᠮᠤᠬ ᠤᠨ ᠤᠯᠠᠨ ᠳᠠᠭᠠᠨ 30 ᠲᠦᠮᠡᠨ ᠲᠦᠭᠦᠷᠢᠭ᠌ ᠶᠢᠡᠷ ᠱᠠᠩᠨᠠᠬᠤ ᠪᠡᠷ ᠪᠤᠢ

2018-01-05 10:55

    ᠰᠤᠷᠪᠤᠯᠵᠢᠯᠠᠬᠴᠢ ᠭᠤᠸᠠᠩᠳᠦ᠋ᠩ ᠮᠤᠵᠢ ᠶᠢᠨ ᠦᠢᠯᠡᠳᠪᠦᠷᠢ ᠬᠤᠳᠠᠯᠳᠤᠭᠠᠨ ᠤ ᠲᠤᠪᠴᠢᠶ᠎ᠠ ᠡᠴᠡ ᠤᠶᠢᠯᠠᠭᠠᠬᠰᠠᠨ ᠢᠶᠡᠷ᠂ ᠳᠠᠮᠵᠢᠭᠤᠯᠤᠨ ᠪᠤᠷᠤᠯᠠᠭᠤᠯᠭ᠎ᠠ ᠬᠦᠴᠦᠷᠭᠡᠭᠯᠡᠯ ᠤᠨ ᠰᠢᠨᠵᠢᠲᠡᠢ ᠪᠤᠯᠤᠬᠰᠠᠨ᠂ ᠢᠨᠲ᠋ᠧᠷᠨ᠋᠋ᠧᠲ ᠵᠦᠭ ᠰᠢᠯᠵᠢᠭᠰᠡᠨ ᠪᠠ ᠪᠤᠰᠤᠳ ᠶᠠᠯᠠᠲᠤ ᠠᠵᠢᠯᠯᠠᠭ᠎ᠠ ᠳᠤ ᠬᠠᠮᠤᠷᠤᠬᠳᠠᠬᠰᠠᠨ ᠵᠡᠷᠭᠡ ᠪᠠᠶᠢᠳᠠᠯ ᠳᠤ᠂ ᠭᠤᠸᠠᠩᠳᠦ᠋ᠩ ᠮᠤᠵᠢ ᠶᠢᠨ ᠦᠢᠯᠡᠳᠪᠦᠷᠢ ᠬᠤᠳᠠᠯᠳᠤᠭᠠᠨ ᠤ ᠲᠤᠪᠴᠢᠶ᠎ᠠ ᠠᠮᠦᠷ ᠢ ᠬᠠᠮᠠᠭᠠᠯᠠᠬᠤ ᠲᠢᠩᠬᠢᠮ᠂ ᠡᠳ᠋ ᠤᠨ ᠵᠠᠰᠠᠬ ᠤᠨ ᠲᠢᠩᠬᠢᠮ ᠵᠡᠷᠭᠡ ᠰᠠᠯᠪᠤᠷᠢ ᠲᠠᠢ ᠬᠤᠯᠪᠤᠭᠠᠯᠠᠵᠦ᠂ ᠭᠤᠸᠠᠩᠳᠦ᠋ᠩ ᠮᠤᠵᠢ ᠶᠢᠨ ᠳᠠᠮᠵᠢᠨ ᠪᠤᠷᠤᠯᠠᠭᠤᠠᠯᠭ᠎ᠠ ᠳᠤ ᠴᠤᠬᠢᠯᠲᠠ ᠦᠭᠴᠦ ᠢᠯᠡᠴᠢᠯᠡᠬᠦ ᠵᠢ ᠱᠠᠩᠨᠠᠬᠤ ᠬᠠᠮᠢᠶᠠᠷᠤᠯᠲᠠ ᠶᠢᠨ ᠠᠷᠭ᠎ᠠ ᠵᠢ ᠲᠤᠬᠲᠠᠭᠠᠵᠦ᠂ ᠳᠠᠮᠵᠢᠭᠤᠯᠤᠨ ᠪᠤᠷᠤᠯᠠᠭᠤᠯᠭ᠎ᠠ ᠶᠢᠨ ᠨᠢᠭᠤᠬᠳᠠᠵᠦ ᠪᠦᠬᠦᠢ ᠭᠠᠵᠠᠷ ᠪᠤᠶᠤ ᠳᠠᠮᠵᠢᠭᠤᠯᠤᠨ ᠪᠤᠷᠤᠯᠠᠭᠤᠯᠭ᠎ᠠ ᠶᠢᠨ ᠬᠡᠷᠡᠭ ᠢ ᠢᠯᠡᠴᠢᠯᠡᠭᠰᠡᠨ ᠪᠤᠯ ᠤᠷᠮᠠᠰᠢᠭᠤᠯᠤᠨ ᠱᠠᠩᠨᠠᠬᠤ ᠪᠡᠷ ᠲᠤᠬᠲᠠᠵᠦ᠂ ᠬᠠᠮᠤᠬ ᠤᠨ ᠤᠯᠠᠨ ᠳᠠᠭᠠᠨ 30 ᠲᠦᠮᠡᠨ ᠲᠦᠭᠦᠷᠢᠭ ᠢᠶᠡᠷ ᠱᠠᠩᠨᠠᠬᠤ ᠪᠡᠷ ᠪᠤᠢ᠃

    ᠳᠠᠮᠵᠢᠭᠤᠯᠤᠨ ᠪᠤᠷᠤᠯᠠᠭᠤᠯᠭ᠎ᠠ ᠶᠢᠨ ᠨᠢᠭᠤᠬᠳᠠᠵᠦ ᠪᠤᠢ ᠭᠠᠵᠠᠷ ᠢ ᠢᠯᠡᠴᠢᠯᠡᠭᠰᠡᠨ ᠨᠢ ᠦᠨᠡᠨ ᠪᠤᠯᠬᠤ ᠳᠤ ᠬᠦᠷᠪᠡᠯ 500 -1000 ᠲᠦᠭᠦᠷᠢᠭ ᠢᠶᠡᠷ ᠱᠠᠩᠨᠠᠨ᠎ᠠ᠃ ᠳᠠᠮᠵᠢᠭᠤᠯᠤᠨ ᠪᠤᠷᠤᠯᠠᠭᠤᠯᠭ᠎ᠠ ᠶᠢᠨ ᠬᠡᠷᠡᠭ ᠢ ᠢᠯᠡᠴᠢᠯᠡᠭᠰᠡᠨ ᠨᠢ ᠦᠨᠡᠨ ᠪᠤᠯᠬᠤ ᠳᠤ ᠬᠦᠷᠪᠡᠯ᠂ ᠱᠠᠩᠨᠠᠯ ᠤᠨ ᠮᠦᠩᠭᠦ ᠶᠢᠨ ᠲᠤᠭ᠎ᠠ ᠵᠢ ᠲᠤᠰ ᠬᠡᠷᠡᠭ ᠤᠨ ᠬᠤᠷᠢᠶᠠᠮᠵᠢᠯᠠᠬᠰᠠᠨ ᠮᠦᠩᠭᠦᠨ ᠤ ᠲᠤᠭ᠎ᠠ᠂ ᠬᠡᠷᠡᠭ ᠤᠨ ᠬᠤᠯᠪᠤᠬᠳᠠᠬᠤ ᠮᠦᠩᠭᠦᠨ ᠤ ᠲᠤᠭ᠎ᠠ ᠲᠠᠢ ᠬᠤᠯᠪᠤᠬᠳᠠᠭᠤᠯᠵᠦ᠂ ᠬᠠᠮᠤᠬ  ᠤᠨ ᠤᠯᠠᠨ ᠳᠠᠭᠠᠨ 30 ᠲᠦᠮᠡᠨ ᠲᠦᠭᠦᠷᠢᠭ ᠢᠶᠡᠷ ᠱᠠᠨᠭᠨᠠᠬᠤ ᠪᠤᠯᠤᠨ᠎ᠠ᠃

ᠢᠷᠡᠯᠳᠡ᠄ ᠠᠷᠠᠳ ᠤᠨ ᠡᠳᠦᠷ ᠤᠨ ᠰᠤᠨᠢᠨ ᠪᠡᠯᠡᠳᠭᠡᠭ᠍ᠰᠡᠨ ᠨᠢ᠄ ᠰᠠᠷᠠᠨᠲᠤᠶᠠᠭ᠎ᠠ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011100001122214990