蒙古文网站Logo
ᠰᠢᠨᠬᠤᠸᠠ ᠮᠤᠩᠭ᠋ᠤᠯ ᠨᠧᠲ

ᠲᠦᠷᠦᠯᠬᠢ ᠬᠦᠨᠳᠤ ᠡᠪᠡᠳᠴᠢᠨ ᠲᠠᠢ ᠶᠠᠳᠠᠭᠤ ᠦᠰᠪᠦᠷᠢ ᠶᠢᠨ ᠨᠠᠰᠤᠨ ᠤ 39 ᠬᠡᠦᠬᠡᠳ ᠢ ᠠᠪᠤᠷᠠᠨ ᠲᠤᠰᠠᠯᠠᠵᠤ ᠡᠷᠡᠬᠦᠯ ᠢᠶᠡᠷ ᠡᠮᠨᠡᠯᠬᠡ ᠡᠴᠡ ᠭᠠᠷᠪᠠ

2018-01-05 17:47

    ᠰᠢᠨᠬᠤᠸᠠ ᠬᠤᠷᠢᠶ᠎ᠠ ᠶᠢᠨ ᠨᠠᠨᠨᠢᠩ ᠤᠨ 1 ᠰᠠᠷ᠎ᠠ ᠶᠢᠨ 4 ᠤ ᠡᠳᠤᠷ ᠤᠨ ᠴᠠᠬᠢᠯᠭᠠᠨ ᠮᠡᠳᠡᠬᠡ ( ᠰᠤᠷᠪᠤᠯᠵᠢᠯᠠᠭᠴᠢ ᠲᠠᠨ ᠰᠢᠩ ᠰᠢᠩ) ᠲᠦᠪ ᠤᠨ ᠡᠳ᠋ ᠤᠨ ᠵᠠᠰᠠᠭ ᠰᠠᠩᠬᠦᠦ ᠶᠢᠨ ᠲᠡᠮᠵᠢᠭᠰᠡᠨ ᠨᠡᠶᠢᠬᠡᠮ ᠤᠨ ᠨᠢᠬᠡᠨ ᠵᠤᠬᠢᠶᠠᠨ ᠪᠠᠶᠢᠭᠤᠯᠤᠯᠳᠠ ᠶᠢᠨ ᠵᠢᠱᠢᠶᠡᠴᠢ ᠲᠦᠰᠦᠯ ᠢ ᠭᠤᠸᠠᠩᠰᠢ ᠶᠢᠨ ᠵᠤᠸᠠᠩ ᠦᠨᠳᠦᠰᠦᠳᠡᠨ ᠤ ᠦᠪᠡᠷᠳᠡᠬᠡᠨ ᠵᠠᠰᠠᠬᠤ ᠤᠷᠤᠨ ᠤ ᠠᠷᠠᠳ ᠤᠨ ᠡᠮᠨᠡᠯᠬᠡ ᠶᠢᠨ ᠬᠤᠷᠢᠶ᠎ᠠ ᠪᠤᠯᠤᠨ ᠭᠤᠸᠠᠩᠰᠢ ᠶᠢᠨ ᠤᠯᠠᠭᠠᠨ ᠵᠠᠭᠠᠯᠮᠠᠶᠢᠳᠠᠨ ᠤ ᠹᠤᠳ᠋ ᠬᠠᠮᠳᠤᠷᠠᠵᠤ ᠬᠡᠷᠡᠭᠵᠢᠬᠦᠯᠤᠨ 18 ᠨᠠᠰᠤᠨ ᠡᠴᠡ ᠲᠤᠷᠤᠭᠰᠢᠬᠢ ᠦᠰᠪᠦᠷᠢ ᠶᠢᠨ ᠨᠠᠰᠤᠨ ᠤ ᠬᠡᠦᠬᠡᠳ ᠤᠨ ᠬᠦᠨᠳᠤ ᠡᠪᠡᠳᠴᠢᠨ ᠢ ᠡᠮᠴᠢᠯᠡᠵᠤ ᠠᠪᠤᠷᠠᠨ ᠲᠤᠰᠠᠯᠠᠬᠤ ᠲᠦᠰᠦᠯ ᠢ ᠤᠶᠢᠷ᠎ᠠ ᠳᠤ ᠲᠡᠬᠦᠰᠬᠡᠪᠡ᠃ ᠶᠠᠳᠠᠭᠤ ᠬᠦᠴᠢᠷᠳᠡᠯᠲᠡᠢ ᠬᠡᠷ ᠪᠦᠯᠢ ᠡᠴᠡ ᠢᠷᠡᠭᠰᠡᠨ ᠠᠪᠤᠷᠠᠨ ᠲᠤᠰᠠᠯᠠᠬᠤ ᠨᠦᠬᠦᠴᠡᠯ ᠳᠤ ᠨᠡᠶᠢᠴᠡᠭᠰᠡᠨ 39 ᠦᠰᠪᠦᠷᠢ ᠶᠢᠨ ᠨᠠᠰᠤᠨ ᠤ ᠬᠡᠦᠬᠡᠳ  ᠢ ᠮᠠᠰᠡ ᠵᠠᠰᠠᠯ ᠢᠶᠡᠷ ᠡᠮᠴᠢᠯᠡᠭᠡᠳ ᠡᠷᠡᠬᠦᠯᠵᠢᠭᠦᠯᠵᠤ ᠡᠮᠨᠡᠯᠬᠡ ᠡᠴᠡ ᠭᠠᠷᠭᠠᠭᠰᠠᠨ ᠪᠠᠶᠢᠨ᠎ᠠ᠃

    ᠲᠤᠰ ᠤᠳᠠᠭ᠎ᠠ ᠲᠤᠰᠠᠯᠠᠮᠵᠢ ᠬᠦᠷᠳᠡᠭᠰᠡᠨ 39 ᠬᠡᠦᠬᠡᠳ  ᠲᠦᠷᠦᠯᠬᠢ ᠵᠢᠷᠦᠬᠡᠨ ᠤ ᠡᠪᠡᠳᠴᠢᠨ᠂ ᠲᠦᠷᠦᠯᠬᠢ ᠰᠦᠰᠦᠨ ᠤ ᠴᠤᠷᠭᠤ ᠨᠢ ᠪᠢᠳᠡᠬᠦᠤ᠂ ᠲᠦᠷᠦᠯᠬᠢ ᠬᠡᠳᠡᠰᠦᠨ ᠤ ᠲᠦᠭᠵᠢᠷᠡᠯ ᠲᠡᠢ ᠵᠡᠷᠬᠡ ᠠᠳᠠᠯᠢ ᠪᠤᠰᠤ ᠬᠦᠨᠳᠤ ᠡᠪᠡᠳᠴᠢᠨ ᠲᠠᠢ ᠪᠠᠶᠢᠭᠰᠠᠨ ᠢᠶᠡᠨ ᠪᠦᠬᠦᠨ ᠢᠶᠡᠷ ᠢᠶᠡᠨ ᠭᠤᠸᠠᠩᠰᠢ ᠶᠢᠨ ᠵᠤᠸᠠᠩ ᠦᠨᠳᠦᠰᠦᠳᠡᠨ ᠤ ᠦᠪᠡᠷᠳᠡᠬᠡᠨ ᠵᠠᠰᠠᠬᠤ ᠤᠷᠤᠨ ᠤ ᠠᠷᠠᠳ ᠤᠨ ᠡᠮᠨᠡᠯᠬᠡ ᠳᠤ ᠬᠠᠭᠠᠯᠭ᠎ᠠ ᠬᠢᠯᠭᠡᠨ ᠡᠮᠴᠢᠯᠡᠭᠦᠯᠦᠭᠡᠳ ᠨᠢᠬᠡᠨᠳᠡ ᠡᠷᠡᠬᠦᠯᠵᠢᠨ ᠡᠮᠨᠡᠯᠬᠡ ᠡᠴᠡ ᠭᠠᠷᠪᠠ᠃

    ᠲᠤᠰ ᠤᠳᠠᠭᠠᠨ ᠤ ᠲᠦᠰᠦᠯ ᠳᠤ ᠲᠤᠰᠯᠠᠮᠵᠢ ᠶᠢᠨ ᠮᠦᠩᠬᠦ ᠨᠡᠶᠢᠳᠡ 39 ᠲᠦᠮᠡᠨ ᠳ᠋ᠦᠩᠰᠢᠭᠤᠷ ᠲᠦᠭᠦᠷᠢᠭ᠌ ᠬᠠᠩᠭ᠋ᠠᠵᠤ᠂ 39 ᠦᠰᠪᠦᠷᠢ ᠶᠢᠨ ᠨᠠᠰᠤᠨ ᠤ ᠡᠪᠡᠳᠴᠢᠳᠡᠨ ᠪᠦᠷᠢ ᠶᠢ 1 ᠲᠦᠮᠡᠨ ᠲᠦᠭᠦᠷᠢᠭ᠌ ᠢᠶᠡᠷ ᠲᠤᠰᠠᠯᠠᠵᠤ᠂ ᠪᠤᠰᠤᠳ ᠡᠮᠴᠢᠯᠡᠬᠡᠨ ᠤ ᠵᠠᠷᠤᠳᠠᠯ ᠢᠶᠡᠨ ᠡᠮᠨᠡᠯᠬᠡ ᠶᠢᠨ ᠲᠠᠭᠠᠳᠬᠠᠯ ᠪᠤᠯᠤᠨ ᠬᠦᠨᠳᠤ ᠡᠪᠡᠳᠴᠢᠨ ᠤ ᠨᠦᠬᠦᠪᠦᠷᠢ ᠵᠡᠷᠬᠡ ᠬᠠᠮᠢᠶ᠎ᠠ ᠪᠦᠬᠦᠢ ᠲᠦᠷᠤ ᠶᠢᠨ ᠪᠤᠳᠤᠯᠭ᠎ᠠ ᠡᠴᠡ ᠡᠷᠡᠮᠡᠯᠵᠡᠯᠡᠨ ᠴᠠᠶᠢᠷᠠᠭᠤᠯᠬᠤ ᠪᠤᠯᠤᠨ᠎ᠠ᠃

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011120691122217519