蒙古文网站Logo
ᠰᠢᠨᠬᠤᠸᠠ ᠮᠤᠩᠭ᠋ᠤᠯ ᠨᠧᠲ

ᠰᠢᠯᠢ ᠶ᠋ᠢᠨ ᠭᠤᠤᠯ ᠠᠶᠢᠮᠠᠭ ᠤᠨ ᠡᠮᠨᠡᠯᠭᠡ ᠶ᠋ᠢᠨ ᠬᠤᠷᠢᠶ᠎ᠠ ᠠᠷᠪᠠ ᠶᠢᠰᠦᠳᠦᠭᠡᠷ ᠶᠡᠬᠡ ᠬᠤᠷᠠᠯ ‍ᠤᠨ ᠵᠤᠷᠢᠭ ᠰᠠᠨᠠᠭ᠎ᠠ ᠶ᠋ᠢ ᠦᠢᠯᠡᠳᠦᠯᠭᠡᠵᠢᠭᠦᠯᠵᠦ ᠡᠮ ᠲᠠᠩ ᠵᠤᠬᠢᠰᠳᠠᠢ ᠬᠡᠷᠡᠭᠯᠡᠬᠦ ᠤᠬᠠᠭᠤᠯᠭ᠎ᠠ ᠶ᠋ᠢᠨ ᠠᠵᠢᠯᠯᠠᠭ᠎ᠠ ᠦᠷᠨᠢᠭᠦᠯᠪᠡ

2018-01-09 15:59

    ᠰᠢᠨᠬᠤᠧᠠ ᠮᠤᠩᠭᠤᠯ ᠨᠧᠲ   ᠬᠦᠬᠡᠬᠤᠳᠠ ᠶᠢᠨ 1 ᠰᠠᠷ᠎ᠠ ᠶᠢᠨ 9 ᠤ ᠡᠳᠦᠷ ᠤᠨ ᠴᠠᠬᠢᠯᠭᠠᠨ ᠮᠡᠳᠡᠬᠡ   ᠪᠦᠬᠦ ᠨᠡᠶᠢᠭᠡᠮ ‍ᠢᠶ᠋ᠡᠷ ‍ᠢᠶ᠋ᠡᠨ ᠡᠮ ‍ᠤᠨ ᠵᠦᠢᠯᠡᠰ ‍ᠤᠨ ᠠᠶᠤᠯᠬᠦᠢ ᠶᠢ ᠠᠩᠬᠠᠷᠤᠯ ᠳ᠋ᠠᠭᠠᠨ ᠠᠪᠬᠤ ᠦᠵᠡᠯ ᠤᠬᠠᠮᠰᠠᠷ ‍ᠢ ᠪᠤᠢ ᠪᠤᠯᠭᠠᠵᠦ᠂ ᠠᠷᠠᠳ ᠤᠯᠠᠨ ‍ᠤ ᠡᠮ ‍ᠤᠨ ᠵᠦᠢᠯᠡᠰ ‍ᠢ ᠠᠶᠤᠯᠬᠦᠢ᠂ ᠵᠦᠢ ᠵᠤᠬᠢᠰᠳᠠᠢ ᠬᠡᠷᠡᠭᠯᠡᠬᠦ ᠦᠵᠡᠯᠳᠠ ᠶ᠋ᠢ ᠳᠡᠭᠡᠭᠰᠢᠯᠡᠭᠦᠯᠦᠨ᠂ ᠦᠷᠭᠦᠯᠵᠢ ᠳᠤᠬᠢᠶᠠᠯᠳᠤᠳᠠᠭ ᠡᠮ ᠲᠠᠩ ‍ᠢ ᠪᠤᠷᠤᠭᠤ ᠵᠦᠷᠢᠭᠦᠦ ᠵᠠᠷᠤᠭᠠᠳ ᠪᠠᠶᠢᠳᠠᠭ ᠶᠠᠪᠤᠳᠠᠯ ‍ᠢ ᠵᠠᠯᠠᠷᠠᠭᠤᠯᠬᠤ ᠶ᠋ᠢᠨ ᠳᠤᠰᠠᠳᠠ᠂ 1 ᠰᠠᠷ᠎ᠠ ᠶ᠋ᠢᠨ 4 ‍ᠤ ᠡᠳᠦᠷ ᠦᠪᠦᠷ ᠮᠤᠩᠭᠤᠯ ‍ᠤᠨ ᠰᠢᠯᠢ ᠶ᠋ᠢᠨ ᠭᠤᠤᠯ ᠠᠶᠢᠮᠠᠭ ‍ᠤᠨ ᠡᠮᠨᠡᠯᠭᠡ ᠶ᠋ᠢᠨ ᠬᠤᠷᠢᠶ᠎ᠠ《ᠠᠷᠪᠠ ᠶᠢᠰᠦᠳᠦᠭᠡᠷ ᠶᠡᠬᠡ ᠬᠤᠷᠠᠯ ‍ᠤᠨ ᠵᠤᠷᠢᠭ ᠰᠠᠨᠠᠭ᠎ᠠ ᠶ᠋ᠢ ᠦᠢᠯᠡᠳᠦᠯᠬᠡᠵᠢᠭᠦᠯᠵᠦ᠂ ᠡᠷᠡᠭᠦᠯ ᠡᠩᠬᠡ ᠳᠤᠮᠳᠠᠳᠦ ᠤᠯᠤᠰ ‍ᠢ ᠴᠤᠬᠴᠠᠯᠠᠶ᠎ᠠ 》ᠭᠡᠬᠦ ᠭᠤᠤᠯ ᠰᠡᠳᠦᠪ ‍ᠢᠶ᠋ᠡᠷ ᠡᠮ ᠵᠤᠬᠢᠰᠳᠡᠢ ᠬᠡᠷᠡᠭᠯᠡᠬᠦ ᠤᠬᠠᠭᠤᠯᠭ᠎ᠠ ᠶ᠋ᠢᠨ ᠠᠵᠢᠯᠯᠠᠭ᠎ᠠ ᠦᠷᠨᠢᠭᠦᠯᠪᠡ᠃

    ᠤᠬᠠᠭᠤᠯᠭ᠎ᠠ ᠶ᠋ᠢᠨ ᠲᠠᠯᠠᠪᠠᠢ ᠳ᠋ᠥ᠂ ᠡᠮ ᠨᠠᠶᠢᠷᠠᠬᠴᠢ ᠳᠤᠰᠬᠠᠢ ᠮᠡᠷᠭᠡᠵᠢᠯᠳᠡᠳ ᠡᠴᠠ ᠡᠮ ᠲᠠᠩ ‍ᠢ ᠵᠤᠬᠢᠰᠳᠡᠢ ᠬᠡᠷᠡᠭᠯᠡᠬᠦ᠂ ᠠᠷᠬᠠᠭ ᠡᠪᠡᠳᠴᠢᠨ ‍ᠤ ᠡᠮ ᠬᠡᠷᠡᠭᠯᠡᠬᠦ ᠬᠠᠮᠢᠶᠠᠷᠤᠯᠳᠠ᠂ ᠡᠮ ‍ᠤᠨ ᠰᠦᠬᠡᠷᠬᠦ ᠤᠷᠪᠠᠯ᠂ ᠡᠮ ‍ᠤᠨ ᠵᠦᠢᠯ ᠪᠠ ᠡᠷᠡᠭᠦᠯᠵᠢᠯ ‍ᠤᠨ ᠢᠳᠡᠭᠡᠨ ‍ᠤ ᠢᠯᠭᠠᠭ᠎ᠠ ᠵᠡᠷᠭᠡ ᠲᠠᠯ᠎ᠠ ᠶ᠋ᠢᠨ ᠮᠡᠳᠡᠯᠭᠡ ᠶ᠋ᠢ ᠨᠠᠷᠢᠨ ᠬᠢᠨᠠᠮᠠᠭᠠᠢ ᠤᠬᠠᠭᠤᠯᠤᠨ ᠲᠠᠶᠢᠯᠪᠤᠷᠢᠯᠠᠵᠦ᠂ ᠳᠤᠬᠠᠢ ᠶ᠋ᠢᠨ ᠲᠠᠯᠠᠪᠠᠢ ᠳ᠋ᠥ ᠤᠯᠠᠨ ‍ᠤ ᠠᠰᠠᠭᠤᠬᠰᠡᠨ ᠮᠠᠳᠠᠭ ᠲᠠᠢ ᠠᠰᠠᠭᠤᠳᠠᠯ ‍ᠢ ᠬᠠᠷᠢᠭᠤᠯᠤᠬᠰᠡᠨ ᠪᠠᠶᠢᠨ᠎ᠠ᠃ ᠡᠭᠦᠨ ‍ᠤ ᠬᠠᠮᠳᠦ᠂ ᠰᠢᠬᠢᠷ ᠰᠢᠵᠢᠩ ᠡᠪᠡᠳᠴᠢᠨ ‍ᠤ ᠳᠤᠬᠠᠢ ᠮᠡᠳᠡᠯᠭᠡ᠂ ᠦᠷᠪᠢᠰᠦᠯ ᠳᠠᠷᠤᠬᠤ ᠡᠮ ᠬᠡᠷᠡᠭᠯᠡᠬᠦ ᠮᠡᠳᠡᠯᠭᠡ ᠪᠠ ᠴᠢᠰᠤᠨ ‍ᠤ ᠦᠭᠡᠬᠦ ᠦᠨᠳᠦᠷᠵᠢᠬᠦ ᠶ᠋ᠢ ᠰᠡᠷᠭᠡᠶᠢᠯᠡᠬᠦ ᠡᠷᠡᠭᠦᠯ ᠮᠡᠨᠳᠦ ᠶ᠋ᠢᠨ ᠵᠢᠯᠤᠭᠤᠳᠤᠮᠵᠢ ᠵᠡᠷᠭᠡ ᠮᠢᠩᠭ᠎ᠠ ᠭᠠᠷᠤᠢ ᠬᠤᠪᠢ ᠤᠬᠠᠭᠤᠯᠭ᠎ᠠ ᠶ᠋ᠢᠨ ᠵᠢᠷᠤᠬᠲᠦ ᠬᠠᠭᠤᠳᠠᠰᠦ ᠪᠠ ᠵᠢᠵᠢᠭ᠌ ᠳᠤᠷᠠᠰᠬᠠᠯ ‍ᠤᠨ ᠪᠤᠳᠠᠰ ‍ᠢ ᠤᠯᠠᠨ ᠳ᠋ᠥ ᠲᠦᠭᠡᠭᠡᠵᠡᠢ᠃

    ᠲᠤᠰ ᠲᠠᠯᠠᠪᠠᠢ ᠳ᠋ᠥ ᠯᠠᠪᠯᠠᠯᠭ᠎ᠠ ᠠᠪᠤᠬᠰᠡᠨ ᠸᠠᠩ ᠨᠠᠰᠤᠳᠠᠨ᠄《 ᠪᠢ ᠰᠢᠬᠢᠷ ᠰᠢᠵᠢᠩ ᠡᠪᠡᠳᠴᠢᠨ ᠤᠯᠤᠭᠠᠳ ᠤᠳᠠᠭᠠᠨ ᠵᠢᠯ ᠡᠮ ᠤᠤᠭᠤᠬᠰᠡᠨ᠃ ᠵᠠᠷᠢᠮ ᠳ᠋ᠠᠭᠠᠨ ᠦᠪᠡᠷ ‍ᠢᠶ᠋ᠡᠨ ᠳᠡᠯᠭᠡᠭᠦᠷ ᠡᠴᠠ ᠡᠮ ᠠᠪᠴᠦ ᠲᠤᠳᠤᠷᠬᠠᠶᠢᠯᠠᠯᠳᠡ ᠶᠢ ᠨᠢ ᠦᠵᠡᠭᠡᠳ ᠯᠡ ᠵᠠᠷᠤᠳᠠᠭ᠂ ᠡᠮ ‍ᠢ ᠢᠩᠭᠢᠵᠦ ᠳᠤᠷ᠎ᠠ ᠪᠠᠷ ‍ᠢᠶ᠋ᠡᠨ ᠬᠡᠷᠡᠭᠯᠡᠭᠡᠳ ᠪᠤᠯᠬᠤ ᠦᠭᠡᠢ ᠶᠤᠮ ᠪᠠᠶᠢᠨ᠎ᠠ᠃ ᠡᠨᠡ ᠤᠳᠠᠭ᠎ᠠ ᠳᠤᠰᠬᠠᠢ ᠮᠡᠷᠭᠡᠵᠢᠯᠳᠡᠳ ᠡᠴᠠ ᠠᠰᠠᠭᠤᠵᠦ ᠯᠠᠪᠯᠠᠭᠠᠳ ᠡᠮ ᠲᠠᠩ ᠵᠠᠷᠤᠬᠤ ᠳᠤᠬᠠᠢ ᠤᠯᠠᠨ ᠶᠤᠰᠦ ᠤᠴᠢᠷ ‍ᠢ ᠤᠯᠵᠦ ᠮᠡᠳᠡᠯ᠎ᠡ 》ᠭᠡᠵᠦ ᠪᠠᠶᠠᠷᠯᠠᠨ ᠶᠠᠷᠢᠯ᠎ᠠ᠃ (ᠨᠡᠶᠢᠳᠡᠯᠡᠯ ᠵᠢᠷᠤᠭ ᠢ ᠰᠢᠯᠢᠩᠬᠤᠳᠠ ᠶᠢᠨ ᠳᠤᠭ᠎ᠠ ᠪᠦᠷᠢᠳᠬᠡᠯ ᠤᠨ ᠳᠤᠪᠴᠢᠶ᠎ᠠ ᠶᠢᠨ ᠴᠢᠷᠮ᠎ᠠ)

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
关闭
010070230030000000000000011120701122233274