蒙古文网站Logo
ᠰᠢᠨᠬᠤᠸᠠ ᠮᠤᠩᠭ᠋ᠤᠯ ᠨᠧᠲ

ᠬᠤᠤᠰ ᠦᠷ᠎ᠡ ᠠᠰᠢᠭ ᠡᠬᠦᠳᠦᠭᠰᠡᠨ ᠤᠦ ᠶᠠ ᠤᠳᠤᠬᠢᠴᠢᠯᠠᠭᠰᠠᠨ ᠮᠠᠯᠵᠢᠯ ᠤᠨ ᠳᠠᠯᠠᠪᠠᠢ

2018-01-12 15:52

    ᠰᠢᠨᠬᠤᠸᠠ ᠮᠣᠩᠭᠣᠯ ᠨᠧᠲ   ᠤᠯᠠᠭᠠᠨᠬᠠᠲᠠ ᠶᠢᠨ 1 ᠰᠠᠷ᠎ᠠ᠎ ᠶᠢᠨ 11 ᠤ ᠡᠳᠦᠷ ᠤᠨ ᠴᠠᠬᠢᠯᠭᠠᠨ ᠮᠡᠳᠡᠭᠡ (ᠬᠡᠤᠬᠡᠨᠰᠤᠯᠢ  ᠰᠤᠷᠤᠶ᠎ᠠ) 11 ᠤ ᠡᠳᠦᠷ᠂ ᠤᠯᠤᠰ ᠳᠠᠶᠠᠭᠠᠷ ᠤᠨ ᠮᠣᠩᠭᠣᠯ ᠰᠦᠯᠵᠢᠶᠡᠨ ᠵᠠᠭᠤᠴᠢᠯᠠᠭᠤᠷ ᠤᠨ ᠠᠷᠤ ᠬᠤᠷᠴᠢᠨ ᠳ᠋ᠡᠬᠢ ᠭᠤᠤᠯ ᠰᠡᠳᠤᠪᠲᠤ ᠰᠤᠷᠪᠤᠯᠵᠢᠯᠠᠭ᠎ᠠ ᠶᠢᠨ ᠠᠶᠠᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠲᠦᠯᠦᠭᠡᠯᠡᠬᠦ ᠴᠢᠨᠠᠷᠲᠠᠢ ᠠᠵᠤ ᠠᠬᠤᠶᠢᠯᠠᠯ ᠪᠤᠯᠬᠤ ᠤᠯᠠᠭᠠᠨᠬᠠᠲᠠ ᠬᠤᠲᠠ ᠶᠢᠨ ᠤᠦ ᠶᠠ ᠤᠳᠤᠬᠢᠴᠢᠯᠠᠭᠰᠠᠨ ᠮᠠᠯᠵᠢᠯ ᠤᠨ ᠲᠠᠯᠠᠪᠠᠢ ᠶᠢᠨ ᠬᠢᠵᠠᠭᠠᠷᠲᠤ ᠺᠤᠮᠫᠠᠨᠢ ᠶᠢᠨ ᠵᠢᠭᠠᠰᠤᠲᠠᠢ ᠬᠤᠪᠢᠶᠠᠷᠢ ᠺᠤᠮᠫᠠᠨᠢ ᠡᠴᠡ ᠭᠠᠷᠤᠭ᠎ᠠ ᠪᠡᠨ ᠠᠪᠤᠯ᠎ᠠ᠃

    ᠤᠯᠠᠭᠠᠨᠬᠠᠲᠠ ᠬᠤᠲᠠ ᠶᠢᠨ ᠤᠦ ᠶᠠ ᠤᠳᠤᠬᠢᠴᠢᠯᠠᠭᠰᠠᠨ ᠮᠠᠯᠵᠢᠯ ᠤᠨ ᠲᠠᠯᠠᠪᠠᠢ ᠶᠢᠨ ᠬᠢᠵᠠᠭᠠᠷᠲᠤ ᠺᠤᠮᠫᠠᠨᠢ ᠨᠢ ᠰᠢᠩᠭᠠᠫᠤᠷ ᠤᠨ ᠤᠦ ᠶᠠ ᠬᠦᠷᠦᠩᠭᠡ ᠤᠷᠤᠭᠤᠯᠤᠯᠲᠠ ᠶᠢᠨ ᠪᠦᠯᠦᠭᠯᠡᠯ ᠬᠢᠵᠠᠭᠠᠷᠲᠤ ᠺᠤᠮᠫᠠᠨᠢ ᠡᠴᠡ ᠬᠦᠷᠦᠩᠭᠡ ᠤᠷᠤᠭᠤᠯᠤᠭᠰᠠᠨ ᠠᠵᠤ ᠠᠬᠤᠶᠢᠯᠠᠯ ᠪᠤᠯᠬᠤ ᠶᠤᠮ᠃ 2014 ᠤᠨ ᠤ 9 ᠰᠠᠷ ᠠ ᠳᠤ ᠪᠠᠶᠢᠭᠤᠯᠤᠭᠳᠠᠵᠤ᠂ ᠳᠠᠩᠰᠠᠯᠠᠭᠰᠠᠨ ᠬᠦᠷᠦᠩᠭᠡ 4000 ᠲᠦᠮᠡᠨ ᠳ᠋ᠤᠯᠯᠠᠷ ᠲᠤ ᠬᠦᠷᠴᠠᠢ᠃ ᠭᠤᠤᠯᠳᠠᠭᠤ ᠰᠠᠭᠠᠯᠢ ᠶᠢᠨ ᠦᠨᠢᠶ᠎ᠠ ᠬᠡᠪᠴᠢᠶᠡᠴᠢᠯᠡᠨ ᠲᠡᠵᠢᠭᠡᠬᠦ ᠪᠠ ᠡᠪᠡᠰᠤ ᠪᠤᠷᠳᠤᠭ᠎ᠠ ᠲᠠᠷᠢᠬᠤ ᠠᠵᠢᠯ ᠬᠡᠷᠡᠭ ᠤᠳ ᠢ ᠭᠦᠢᠴᠡᠳᠭᠡᠳᠡᠭ᠃ 2015 ᠤᠨ ᠳᠤ᠂ ᠺᠤᠮᠫᠠᠨᠢ ᠡᠴᠡ ᠠᠷᠤ ᠬᠤᠷᠴᠢᠨ ᠬᠤᠰᠢᠭᠤᠨ ᠤ ᠱᠤᠤᠬᠢᠨ ᠪᠠᠯᠭᠠᠰᠤ ᠪᠤᠯᠤᠨ ᠵᠢᠭᠠᠰᠤᠲᠠᠢ ᠪᠠᠯᠭᠠᠰᠤᠨ ᠳᠤ 3140 ᠮᠦ ᠲᠠᠯᠠᠪᠠᠢ ᠲᠠᠢ ᠤᠳᠤᠬᠢᠴᠢᠯᠠᠭᠰᠠᠨ ᠰᠠᠭᠠᠯᠢ ᠶᠢᠨ ᠦᠨᠢᠶ᠎ᠠ ᠲᠡᠵᠢᠭᠡᠨ ᠦᠷᠡᠵᠢᠭᠦᠯᠬᠦ ᠰᠠᠭᠤᠷᠢᠨ ᠪᠠᠶᠢᠭᠤᠯᠪᠠ᠃ ᠤᠳᠤ ᠪᠡᠷ ᠳᠤᠰ ᠬᠤᠶᠠᠷ ᠰᠠᠭᠤᠷᠢᠨ ᠨᠢ ᠨᠡᠶᠢᠲᠠ 2.4 ᠲᠦᠮᠡᠨ ᠰᠠᠭᠠᠯᠢ ᠶᠢᠨ ᠦᠨᠢᠶ᠎ᠠ ᠲᠠᠢ ᠪᠦᠭᠡᠳ ᠡᠳᠦᠷ ᠲᠤ 400 ᠭᠠᠷᠤᠢ ᠲᠤᠨ ᠰᠦ᠋ ᠰᠠᠭᠠᠵᠤ ᠪᠤᠢ᠃ ᠡᠭᠦᠨ ᠡᠴᠡ ᠭᠠᠳᠠᠨ᠎ᠠ᠂ ᠲᠡᠵᠢᠭᠡᠯ ᠪᠤᠷᠳᠤᠭ᠎ᠠ ᠲᠠᠷᠢᠬᠤ ᠲᠠᠯ᠎ᠠ ᠪᠡᠷ ᠵᠢᠯ ᠳᠤ 16 ᠲᠦᠮᠡᠨ ᠲᠤᠨ ᠲᠡᠵᠢᠭᠡᠯ ᠪᠤᠷᠳᠤᠭ᠎ᠠ ᠦᠢᠯᠡᠳᠪᠦᠷᠢᠯᠡᠵᠤ᠂ ᠱᠤᠤᠬᠢᠨ ᠪᠠᠯᠭᠠᠰᠤ ᠪᠤᠯᠤᠨ ᠵᠢᠭᠠᠰᠤᠲᠠᠢ ᠪᠠᠯᠭᠠᠰᠤᠨ ᠤ ᠤᠶᠢᠷ᠎ᠠ ᠬᠠᠪᠢ ᠶᠢᠨ ᠲᠡᠵᠢᠭᠡᠯ ᠡᠪᠡᠰᠤᠨ ᠤ ᠦᠢᠯᠡᠰ ᠤᠨ ᠬᠦᠭ᠍ᠵᠢᠯᠲᠠ ᠶᠢ ᠳᠠᠶᠢᠴᠢᠯᠠᠭᠰᠠᠨ ᠪᠠᠶᠢᠨ᠎ᠠ᠃

    《ᠺᠤᠮᠫᠠᠨᠢ ᠶᠢᠨ ᠰᠦ᠋ ᠰᠠᠭᠠᠬᠤ ᠡᠷᠭᠢᠯᠲᠠ ᠶᠢᠨ ᠮᠠᠰᠢᠨ ᠢ ᠭᠠᠳᠠᠭᠠᠲᠤ ᠡᠴᠡ ᠤᠷᠤᠭᠤᠯᠵᠤ᠂ 24 ᠴᠠᠭ ᠵᠤᠭᠰᠤᠯ ᠦᠭᠡᠢ ᠠᠵᠢᠯᠯᠠᠭᠤᠯᠵᠤ ᠪᠤᠢ᠃ ᠰᠦ᠋ ᠰᠠᠭᠠᠬᠤ ᠮᠠᠰᠢᠨ ᠪᠦᠲᠦᠨ ᠡᠷᠬᠢᠬᠦ ᠳᠤ 8 ᠮᠢᠨᠦ᠋ᠲ ᠬᠡᠷᠡᠭᠰᠡᠨ᠎ᠠ᠂ ᠡᠨᠡ ᠨᠢ ᠶᠠᠭ ᠨᠢᠭᠡ ᠦᠨᠢᠶ᠎ᠠ ᠶᠢ ᠰᠠᠭᠠᠵᠤ ᠳᠠᠭᠤᠰᠤᠨ᠎ᠠ᠃ ᠨᠢᠭᠡ ᠦᠨᠢᠶ᠎ᠠ ᠶᠢ ᠡᠳᠦᠷ ᠲᠤ ᠲᠦᠷᠪᠡ ᠤᠳᠠᠭ᠎ᠠ ᠰᠠᠭᠠᠳᠠᠭ ᠪᠦᠭᠡᠳ ᠲᠤᠰᠬᠠᠢ ᠮᠠᠯ ᠤᠨ ᠡᠮᠴᠢ ᠶᠢᠨ ᠪᠠᠭ ᠤᠨ ᠬᠢᠨ ᠡᠳᠦᠷ ᠲᠤ ᠬᠡᠲᠤ ᠤᠳᠠᠭ᠎ᠠ ᠪᠠᠶᠢᠴᠠᠭᠠᠯᠲᠠ ᠬᠢᠳᠠᠭ᠌᠃ ᠰᠢᠨᠡᠭᠡᠨ ᠰᠠᠭᠠᠭᠰᠠᠨ ᠰᠦ᠋ ᠪᠡᠨ 4 ᠭᠷᠠᠳ᠋ᠦ᠋ᠰ ᠤᠨ ᠳᠤᠭᠲᠠᠮᠠᠯ ᠲᠤᠯᠠᠭᠠᠴᠠ ᠲᠠᠢ ᠵᠦᠭᠡᠭᠡᠪᠦᠷᠢᠯᠡᠬᠦ ᠮᠠᠰᠢᠨ ᠢᠶᠡᠷ 24 ᠴᠠᠭ ᠤᠨ ᠳᠤᠲᠤᠷ᠎᠎ᠠ ᠤᠯᠠᠭᠠᠨᠬᠠᠳᠠ ᠶᠢᠨ ᠢ ᠯᠢ ᠰᠦᠨ ᠤ ᠦᠢᠯᠡᠰ ᠤᠨ ᠬᠢᠵᠠᠭᠠᠷᠲᠤ ᠺᠤᠮᠫᠠᠨᠢ ᠪᠤᠯᠤᠨ ᠹᠦ᠋ ᠰᠢᠨ ᠤ ᠢ ᠯᠢ ᠰᠦᠨ ᠤ ᠦᠢᠯᠡᠰ ᠤᠨ ᠬᠢᠵᠠᠭᠠᠷᠲᠤ ᠺᠤᠮᠫᠠᠨᠢ ᠳᠤ ᠰᠢᠭᠤᠳ ᠬᠦᠷᠭᠡᠵᠤ ᠪᠤᠢ》 ᠬᠡᠵᠤ ᠤᠯᠠᠭᠠᠨᠬᠠᠲᠠ ᠬᠤᠲᠠ ᠶᠢᠨ ᠤᠦ ᠶᠠ ᠤᠳᠤᠬᠢᠴᠢᠯᠠᠭᠰᠠᠨ ᠮᠠᠯᠵᠢᠯ ᠤᠨ ᠲᠠᠯᠠᠪᠠᠢ ᠶᠢᠨ ᠬᠢᠵᠠᠭᠠᠷᠲᠤ ᠺᠤᠮᠫᠠᠨᠢ ᠶᠢᠨ ᠵᠢᠭᠠᠰᠤᠲᠠᠢ ᠬᠤᠪᠢᠶᠠᠷᠢ ᠺᠤᠮᠫᠠᠨᠢ ᠶᠢᠨ ᠳᠡᠳ᠋ ᠵᠠᠬᠢᠷᠤᠯ ᠡᠩᠬᠡᠪᠡᠲᠤ ᠲᠠᠨᠢᠯᠴᠠᠭᠤᠯᠬᠤ ᠶᠢᠨ ᠵᠡᠷᠭᠡᠴᠡᠭᠡ᠂《ᠤᠳᠤ ᠪᠤᠯᠲᠠᠯ᠎ᠠ ᠮᠠᠨ ᠤ ᠺᠤᠮᠫᠠᠨᠢ ᠨᠡᠶᠢᠭᠡᠮ ᠳᠤ 200 ᠭᠠᠷᠤᠢ ᠠᠵᠢᠯ ᠤᠨ ᠪᠠᠶᠢᠷᠢ ᠬᠠᠩᠭᠠᠵᠠᠢ》ᠬᠡᠵᠤ ᠶᠠᠷᠢᠯ᠎ᠠ᠃

    ᠤᠶᠢᠯᠠᠭᠠᠭᠰᠠᠨ ᠢᠶᠡᠷ᠂ ᠲᠤᠰ ᠮᠠᠯᠵᠢᠯ ᠤᠨ ᠳᠠᠯᠠᠪᠠᠢ ᠶᠢᠨ ᠰᠠᠭᠠᠯᠢ ᠶᠢᠨ ᠦᠨᠢᠶ᠎ᠠ ᠲᠡᠵᠢᠭᠡᠬᠦ ᠲᠦᠰᠦᠯ ᠤᠨ ᠪᠠᠶᠢᠭᠤᠯᠤᠯᠲᠠ ᠨᠢ ᠰᠠᠭᠠᠯᠢ ᠶᠢᠨ ᠦᠨᠢᠶᠠᠨ ᠤ ᠦᠢᠯᠡᠰ ᠤᠨ ᠬᠡᠪᠴᠢᠶᠡᠵᠢᠯ ᠬᠢᠭᠡᠳ ᠦᠢᠯᠡᠳᠪᠦᠷᠢᠯᠡᠯ ᠤᠨ ᠬᠢᠷᠢ ᠲᠦᠪᠰᠢᠨ ᠢ ᠳᠡᠭᠡᠭ᠍ᠰᠢᠯᠡᠭᠦᠯᠵᠤ᠂ ᠦᠪᠦᠷ ᠮᠣᠩᠭᠣᠯ ᠤᠨ ᠴᠢᠨᠠᠷᠯᠢᠭ ᠰᠦ ᠶᠢᠨ ᠬᠠᠩ᠋ᠭᠠᠯᠭ᠎ᠠ ᠶᠢᠨ ᠪᠠᠴᠢᠮ ᠪᠠᠶᠢᠳᠠᠯ ᠢ ᠠᠷᠭᠠᠴᠠᠭᠰᠠᠨ ᠪᠠᠶᠢᠨ᠎ᠠ᠃ ᠮᠦᠨ ᠶᠡᠬᠡ ᠬᠡᠮᠵᠢᠶᠠᠨ ᠤ ᠴᠢᠨᠠᠷᠯᠢᠬ ᠲᠡᠵᠢᠭᠡᠯ ᠡᠪᠡᠰᠤᠨ ᠤ ᠬᠠᠩᠭᠠᠯᠭ᠎ᠠ ᠨᠢ ᠲᠠᠷᠢᠮᠠᠯ ᠤᠨ ᠦᠢᠯᠡᠰ ᠤᠨ ᠪᠦᠲᠦᠴᠡ ᠶᠢᠨ ᠰᠢᠯᠢᠳᠡᠭᠵᠢᠯᠳᠡ ᠪᠠ ᠲᠤᠬᠢᠷᠠᠭᠤᠯᠤᠯᠳᠠ ᠶᠢ ᠳᠠᠶᠢᠴᠢᠯᠠᠵᠤ ᠴᠢᠳᠠᠭᠰᠠᠨ ᠳᠡᠳᠦᠢ ᠦᠬᠡᠢ ᠳᠤᠬᠠᠢ ᠶᠢᠨ ᠤᠷᠤᠨ ᠤ ᠮᠠᠯᠴᠢᠨ ᠲᠠᠷᠢᠶᠠᠴᠢᠳ ᠤᠨ ᠡᠳ᠋ ᠤᠨ ᠵᠠᠰᠠᠭ ᠤᠨ ᠤᠷᠤᠯᠭ᠎ᠠ ᠶᠢ ᠨᠡᠮᠡᠭᠳᠡᠭᠦᠯᠵᠤ ᠴᠢᠳᠠᠵᠠᠢ᠃ ᠡᠶᠢᠨᠬᠦ ᠳᠤᠰ ᠮᠠᠯᠵᠢᠯ ᠤᠨ ᠳᠠᠯᠠᠪᠠᠢ ᠨᠢ ᠮᠠᠯ ᠠᠵᠤ ᠠᠬᠤᠢ ᠶᠢᠨ ᠬᠦᠭ᠍ᠵᠢᠯᠲᠠ ᠶᠢ ᠠᠬᠢᠭᠤᠯᠬᠤ ᠬᠢᠬᠡᠳ ᠮᠠᠯᠴᠢᠨ ᠳᠦᠮᠡᠨ ᠤ ᠤᠷᠤᠯᠭ᠎ᠠ ᠶᠢ ᠳᠠᠶᠢᠴᠢᠯᠠᠬᠤ ᠬᠤᠤᠰ ᠦᠷ᠎ᠡ ᠠᠰᠢᠭ ᠡᠬᠦᠳᠴᠠᠢ᠃

ᠢᠷᠡᠯᠳᠡ᠄ ᠰᠢᠨᠬᠤᠸᠠ ᠮᠣᠩᠭᠣᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
关闭
010070230030000000000000011120701122250976