ᠡᠵᠢ ᠶᠢᠨ ᠲᠤᠷᠠᠰᠤᠮᠵᠢᠳᠤ ᠨᠤᠳᠤᠭ -- ᠰᠢ‍ • ᠮᠦᠷᠡᠨ ᠬᠡᠰᠢᠭᠳᠡᠨ ᠳᠤ 2016-01-04 15:00

    ᠰᠢ‍ • ᠮᠦᠷᠡᠨ᠂ ᠮᠤᠩᠭ᠋ᠤᠯ ᠦᠨᠳᠦᠰᠦᠲᠡᠨ ᠤ ᠠᠯᠳᠠᠷᠳᠤ ᠰᠢᠯᠦᠭᠴᠢ᠃ 1943 ᠤᠨ ᠳᠤ ᠰᠢ‍ • ᠮᠦᠷᠡᠨ ᠰᠧᠴᠤᠸᠠᠨ ᠳᠤ ᠲᠦᠷᠦᠵᠤ ᠱᠠᠩᠬᠠᠢ᠂ ᠰᠢᠶᠠᠩᠭ᠋ᠠᠩ᠂ ᠲᠠᠶᠢᠸᠠᠨ ᠳᠤ ᠵᠡᠷᠬᠡ ᠭᠠᠵᠠᠷ ᠤᠷᠤᠨ ᠢᠶᠡᠷ ᠰᠠᠭᠤᠷᠢᠰᠢᠵᠤ ᠦᠩᠬᠡᠷᠡᠵᠡᠢ᠃ ᠲᠡᠬᠦᠨ ᠤ ᠠᠪᠤ ᠨᠢ ᠲᠡᠭᠡᠷ᠎ᠡ ᠨᠢᠬᠡ ᠦᠶ᠎ᠡ ᠶᠢᠨ ᠮᠤᠩᠭ᠋ᠤᠯ ᠦᠨᠳᠦᠰᠦᠲᠡᠨ ᠤ ᠰᠡᠭᠡᠭᠡᠲᠡᠨ᠂ 1949 ᠤᠨ ᠡᠴᠡ ᠰᠡᠬᠦᠯᠡᠷ ᠲᠠᠶᠢᠸᠠᠨ ᠡᠴᠡ ᠡᠸᠦ᠋ᠷᠦᠫᠡ ᠳᠤ ᠤᠴᠢᠭᠰᠠᠨ ᠤ ᠲᠠᠷᠠᠭ᠎ᠠ ᠲᠠᠬᠢᠨ ᠪᠤᠴᠠᠵᠤ ᠢᠷᠡᠭᠰᠡᠨ ᠦᠭᠡᠢ᠃ 1989 ᠤᠨ ᠳᠤ 46 ᠨᠠᠰᠤᠲᠠᠢ ᠰᠢ‍᠋ • ᠮᠦᠷᠡᠨ ᠠᠪᠤ ᠶᠢᠨ ᠢᠶᠡᠨ ᠨᠠᠶᠢᠵᠠ ᠶᠢᠨ ᠲᠠᠭᠠᠭᠤᠯᠭ᠎ᠠ ᠪᠡᠷ ᠠᠩᠬᠠᠳᠠᠭᠴᠢ ᠤᠳᠠᠭ᠎ᠠ ᠨᠤᠳᠤᠭ ᠲᠤ ᠪᠡᠨ ᠬᠠᠷᠢᠵᠤ ᠢᠷᠡᠨ᠂ ᠵᠡᠬᠦᠳᠦᠨ ᠳᠤ ᠬᠤᠨᠤᠭᠰᠢᠭᠰᠠᠨ ᠮᠤᠩᠭ᠋ᠤᠯ ᠨᠤᠳᠤᠭ ᠤᠨ ᠢᠶᠡᠨ ᠬᠠᠯᠠᠭᠤᠨ ᠬᠦᠷᠦᠰᠦᠨ ᠳᠤ ᠬᠦᠯ ᠲᠠᠯᠪᠢᠵᠠᠢ᠃ ᠡᠬᠦᠨ ᠡᠴᠡ ᠬᠤᠶᠢᠰᠢ᠂ ᠵᠤᠨ ᠤ ᠲᠡᠯᠬᠡᠷ ᠤᠯᠠᠷᠢᠯ ᠪᠤᠯᠭᠠᠨ ᠨᠤᠳᠤᠭ ᠤᠨ ᠢᠶᠡᠨ ᠪᠠᠷ᠎ᠠ ᠶᠢ ᠬᠠᠷᠠᠵᠤ ᠲᠠᠯ᠎ᠠ ᠶᠢᠨ ᠢᠶᠡᠨ ᠰᠠᠯᠬᠢ ᠪᠡᠷ ᠦᠨᠦᠰᠦᠬᠦᠯᠵᠤ ᠶᠠᠪᠤᠬᠤ ᠨᠢ ᠰᠢ‍᠋ • ᠮᠦᠷᠡᠨ  ᠤ ᠴᠢᠬᠤᠯᠠ ᠨᠢᠬᠡ ᠠᠵᠢᠯ ᠪᠤᠯᠵᠠᠢ᠃ ᠰᠢ‍ • ᠮᠦᠷᠡᠨ ᠬᠠᠷᠢ ᠬᠤᠯᠠ ᠶᠢᠨ ᠭᠠᠵᠠᠷ ᠠᠵᠢᠯᠯᠠᠵᠤ ᠠᠮᠢᠳᠤᠷᠠᠵᠤ ᠶᠠᠪᠤᠯ᠎ᠠ᠂ ᠠᠪᠤ ᠡᠵᠢ ᠶᠢᠨ ᠢᠶᠡᠨ ᠨᠤᠳᠤᠭ ᠲᠠᠢ ᠵᠢᠷᠤᠭᠡ ᠰᠡᠳᠬᠢᠯ ᠢᠶᠡᠷ ᠬᠤᠯᠪᠤᠭᠳᠠᠵᠤ᠂ ᠨᠤᠳᠤᠭ ᠤᠨ ᠲᠤᠬᠠᠢ ᠲᠠᠭᠤᠤ ᠠᠶᠠᠯᠠᠨ᠂ ᠨᠤᠳᠤᠭ ᠤᠨ ᠲᠤᠬᠠᠢ ᠰᠢᠯᠦᠭ ᠲᠤᠭᠤᠷᠪᠢᠵᠤ᠂ ᠨᠤᠳᠤᠭ ᠤᠨ ᠲᠤᠬᠠᠢ ᠰᠡᠳᠬᠢᠯ ᠠᠯᠭᠠᠰᠠᠵᠤ ᠶᠠᠪᠤᠳᠠᠭ ᠪᠢᠯᠡ᠃

    ᠲᠡᠷᠡᠪᠡᠷ᠄《ᠲᠠᠯ᠎ᠠ ᠨᠤᠳᠤᠭ ᠤᠨ ᠨᠡᠬᠦᠳᠡᠯᠴᠢᠨ ᠦᠨᠳᠦᠰᠦᠳᠡᠨ᠂ ᠲᠠᠯ᠎ᠠ ᠨᠤᠳᠤᠭ ᠲᠡᠭᠡᠷ᠎ᠡ ᠪᠡᠨ ᠦᠶ᠎ᠡ ᠤᠯᠠᠷᠢᠨ ᠠᠮᠢᠳᠤᠷᠠᠵᠤ ᠪᠠᠶᠢᠭ᠎ᠠ ᠤᠴᠢᠷ ᠡᠴᠡ ᠵᠢᠵᠢᠭ᠍ᠬᠡᠨ ᠴᠤ ᠡᠪᠳᠡᠯᠬᠡ ᠬᠢᠬᠦ ᠲᠤᠷ᠎ᠠ ᠦᠭᠡᠢ ᠃ ᠠᠭᠤᠳᠠᠮ ᠲᠠᠯ᠎ᠠ ᠨᠤᠳᠤᠭ ᠲᠤ ᠪᠢᠳᠠᠨᠠᠷ ᠬᠠᠮᠢᠭ᠎ᠠ ᠭᠠᠵᠠᠷ ᠰᠦᠬᠦᠳᠴᠤ ᠮᠦᠷᠬᠦᠪᠡᠯ ᠲᠡᠨᠳᠡ ᠲᠠᠬᠢᠯᠭ᠎ᠠ ᠶᠠᠪᠤᠭᠤᠯᠳᠠᠭ᠂ ᠶᠠᠮᠠᠷ ᠭᠠᠵᠠᠷ ᠲᠠᠬᠢᠯᠭ᠎ᠠ ᠡᠷᠬᠦᠬᠦ ᠨᠢ ᠦᠨᠡᠨᠳᠡᠬᠡᠨ ᠪᠦᠷ ᠠᠳᠠᠯᠢᠬᠠᠨ ᠪᠠᠶᠢᠳᠠᠭ》ᠬᠡᠵᠡᠢ᠃

    ᠰᠢ‍ • ᠮᠦᠷᠡᠨ ᠡᠬᠡ ᠨᠤᠳᠤᠭ᠂ ᠨᠡᠬᠦᠳᠡᠯ ᠰᠤᠶᠤᠯ᠂ ᠮᠠᠯᠴᠢᠨ ᠠᠷᠠᠳ᠂ ᠤᠨᠠᠭᠠᠨ ᠪᠠᠶᠢᠭᠠᠯᠢ ᠨᠢ ᠤᠩᠭ᠋ᠤᠨ ᠬᠡᠪ ᠢᠶᠡᠷ ᠢᠶᠡᠨ ᠪᠠᠶᠢᠬᠤ ᠶᠢ ᠲᠠᠭᠠᠳᠬᠠᠨ ᠶᠠᠪᠤᠵᠤ ᠪᠠᠶᠢᠨ᠎ᠠ᠃

    ᠠᠶᠠᠯᠠᠯ ᠬᠡᠵᠤ ᠰᠢ‍ • ᠮᠦᠷᠡᠨ ᠳᠤ ᠠᠪᠴᠤ ᠬᠡᠯᠡᠪᠡᠯ᠂ ᠨᠤᠳᠤᠭ ᠤᠨ ᠬᠠᠯᠠᠭᠤᠨ ᠬᠦᠷᠦᠰᠤᠨ ᠳᠤ ᠦᠯᠡᠳᠡᠭᠡᠭ᠍ᠰᠡᠨ ᠲᠤᠭᠳᠤᠯᠤᠯ ᠤᠶᠠᠷᠠᠯ ᠪᠠᠶᠢᠵᠤ᠂ ᠡᠬᠡ ᠨᠤᠳᠤᠭ ᠤᠨ ᠢᠶᠡᠨ ᠰᠢᠷᠬᠡᠭ᠌ ᠡᠪᠡᠰᠤ᠂ ᠤᠨ ᠤᠨ ᠢᠶᠡᠷ ᠨᠤᠳᠤᠭ ᠢᠶᠡᠨ ᠰᠠᠬᠢᠭᠰᠠᠭᠠᠷ ᠪᠠᠶᠢᠭ᠎ᠠ ᠪᠦᠯᠢᠶᠡᠨ ᠴᠢᠯᠠᠭᠤᠨ ᠳᠤ ᠨᠢ ᠬᠦᠷᠲᠡᠯ᠎ᠡ ᠬᠠᠶᠢᠷ᠎ᠠ ᠪᠠᠬᠠᠷᠠᠯ ᠢᠶᠡᠨ ᠰᠢᠩᠬᠡᠬᠡᠵᠤ᠂ ᠵᠠᠵᠢ  ᠶᠢᠨ ᠦᠰᠦ ᠨᠢ ᠴᠠᠢᠢᠵᠤ ᠂ᠳᠠᠯᠠᠨ ᠨᠠᠰᠤ  ᠶᠢ ᠳᠠᠪᠠᠯ᠎ᠠ ᠴᠤ ᠬᠡᠰᠡᠨ ᠨᠡᠬᠦᠳᠡᠯ ᠰᠤᠶᠤᠯ᠂ ᠲᠠᠯ᠎ᠠ ᠨᠤᠳᠤᠭ᠂ ᠤᠩᠭ᠋ᠤᠨ ᠪᠠᠶᠢᠭᠠᠯᠢ᠂ ᠤᠤᠭᠠᠯ ᠨᠤᠳᠤᠭ᠂ ᠦᠦ᠋ᠬᠡ ᠲᠡᠦᠬᠡ ᠢᠶᠡᠨ ᠲᠡᠯᠡᠬᠡᠢ ᠶᠢᠨ ᠬᠦᠮᠦᠰ ᠲᠤ ᠲᠠᠨᠢᠭᠤᠯᠵᠤ᠂ ᠤᠶᠢᠯᠠᠭᠠᠭᠤᠯᠵᠤ᠂ ᠮᠡᠳᠡᠷᠡᠬᠦᠯᠬᠦ ᠶᠢ ᠵᠤᠷᠢᠵᠤ ᠶᠠᠪᠤᠨ᠎ᠠ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
010070230030000000000000011120691117660330