《ᠶᠡᠬᠡ ᠮᠤᠩᠭ᠋ᠤᠯ》(ᠤᠷᠳᠤᠨ ᠤ ᠬᠦᠭ᠍ᠵᠢᠮ) 2016-05-14 16:12

    ᠲᠡᠦᠬᠡᠨ ᠲᠡᠮᠳᠡᠭᠯᠡᠯ ᠢ ᠦᠨᠳᠦᠰᠦᠯᠡᠪᠡᠯ᠂ 《ᠶᠡᠬᠡ ᠮᠤᠩᠭ᠋ᠤᠯ》 ᠬᠦᠭ᠍ᠵᠢᠮ ᠨᠢ ᠶᠤᠸᠠᠨ ᠤᠯᠤᠰ ᠤᠨ ᠦᠶ᠎ᠡ ᠳᠤ ᠪᠦᠲᠦᠬᠡᠭᠳᠡᠵᠤ᠂ ᠴᠢᠩᠬᠢᠰ ᠬᠠᠭᠠᠨ ᠤ ᠤᠩᠭ᠋ᠤᠨ ᠲᠠᠶᠢᠯᠭ᠎ᠠ ᠶᠢᠨ ᠲᠡᠬᠦᠰᠬᠡᠯ ᠤᠨ ᠬᠦᠭ᠍ᠵᠢᠮ ᠪᠤᠯᠤᠭᠰᠠᠭᠠᠷ ᠢᠷᠡᠵᠡᠢ᠃ ᠲᠡᠷᠡ ᠨᠢ ᠰᠦᠷ ᠵᠢᠪᠬᠤᠭ᠎ᠠ ᠂ ᠲᠦᠪ ᠬᠢᠴᠢᠶᠡᠩᠬᠦᠢ ᠶᠢᠨ ᠪᠡᠯᠬᠡᠳᠡᠯ ᠪᠤᠯᠤᠨ᠎ᠠ᠃

    ᠦᠪᠦᠷ ᠮᠤᠩᠭᠤᠯ ᠤᠨ ᠲᠠᠯ᠎ᠠ ᠨᠤᠳᠤᠭ ᠡᠴᠡ ᠠᠪᠤᠭᠠᠳ ᠦᠶ᠎ᠡ ᠦᠶ᠎ᠡ ᠶᠢᠨ ᠬᠠᠭᠠᠨ ᠨᠤᠶᠠᠳ ᠤᠨ ᠤᠷᠳᠤᠨ ᠬᠦᠷᠲᠡᠯ᠎ᠡ᠂ ᠮᠤᠩᠭ᠋ᠤᠯ ᠦᠨᠳᠦᠰᠦᠲᠡᠨ ᠤ ᠤᠷᠳᠤᠨ ᠤ ᠬᠦᠭ᠍ᠵᠢᠮ ᠨᠢ ᠢᠮᠠᠭᠳᠠ ᠴᠢᠬᠤᠯᠠ ᠪᠠᠶᠢᠷᠢ ᠶᠢ ᠡᠵᠡᠯᠡᠭᠰᠡᠬᠡᠷ ᠢᠷᠡᠵᠡᠢ᠃ ᠮᠤᠩᠭ᠋ᠤᠯ ᠦᠨᠳᠦᠰᠦᠲᠡᠨ ᠤ ᠤᠷᠳᠤᠨ ᠤ ᠬᠦᠭᠵᠢᠮ ᠢ ᠶᠡᠷᠦ ᠳᠤ ᠪᠡᠨ ᠪᠠᠶᠠᠷ ᠲᠤᠷᠠᠰᠬᠠᠯ ᠪᠤᠶᠤ ᠬᠤᠷᠢᠮ ᠴᠤᠭᠯᠠᠭᠠᠨ ᠲᠡᠭᠡᠷ᠎ᠡ ᠯᠡ ᠬᠦᠭ᠍ᠵᠢᠮᠳᠡᠳᠡᠭ᠂ ᠭᠤᠤᠯ ᠪᠤᠯᠬᠤ ᠬᠦᠭ᠍ᠵᠢᠮᠳᠡᠬᠦᠷ ᠲᠤ ᠶᠠᠳᠤᠭ᠎ᠠ᠂ ᠬᠤᠪᠤᠰ᠂ ᠮᠤᠳᠤᠨ ᠴᠤᠭᠤᠷ᠂ ᠮᠤᠷᠢᠨ ᠬᠤᠭᠤᠷ᠂ ᠲᠤᠪᠰᠢᠭᠤᠷ᠂ ᠬᠢᠭᠡᠯᠢ᠂ ᠮᠤᠩᠭ᠋ᠤᠯ ᠦᠨᠳᠦᠰᠦᠲᠡᠨ ᠤ ᠲᠦᠷᠪᠡᠨ ᠤᠳᠠᠰᠤᠳᠤ ᠬᠤᠭᠤᠷ᠂ ᠴᠤᠭᠤᠷ ᠵᠡᠷᠭᠡ ᠪᠠᠶᠢᠨ᠎ᠠ᠃ ᠮᠦᠨ ᠴᠤ ᠤᠷᠳᠤ ᠶᠢᠨ ᠲᠠᠭᠤᠤ ᠪᠤᠶᠤ ᠬᠦᠬᠡᠮᠡᠢ ᠵᠡᠷᠬᠡ ᠲᠤᠭᠯᠠᠯᠳᠠ ᠶᠢᠨ ᠬᠡᠯᠪᠡᠷᠢ ᠶᠢ ᠬᠡᠷᠡᠭᠯᠡᠳᠡᠭ᠃

    ᠶᠤᠧᠠᠨ ᠤᠯᠤᠰ ᠡᠴᠡ ᠰᠡᠬᠦᠯᠡᠷ᠂ ᠮᠤᠩᠭᠤᠯ ᠦᠨᠳᠦᠰᠦᠲᠡᠨ ᠤ ᠤᠷᠳᠤᠨ ᠤ ᠬᠦᠭ᠍ᠵᠢᠮ ᠨᠢ ᠬᠠᠭᠠᠨ ᠲᠦᠷᠦ ᠶᠢᠨ ᠰᠤᠯᠢᠭᠳᠠᠯ ᠢ ᠲᠠᠭᠠᠯᠳᠤᠨ ᠠᠭᠠᠵᠢᠮ ᠢᠶᠡᠷ ᠠᠷᠠᠳ ᠤᠨ ᠲᠠᠭᠤᠤ ᠬᠦᠭ᠍ᠵᠢᠮ ᠲᠠᠢ ᠤᠶᠠᠯᠳᠤᠨ ᠲᠦᠷᠦᠯ ᠬᠤᠪᠢᠶᠠᠬᠤᠶ᠎ᠠ ᠪᠡᠷᠬᠡ ᠨᠢᠬᠡ ᠴᠤᠭᠴᠠ ᠪᠤᠯᠵᠠᠢ᠃ ᠢᠷᠬᠡᠨ ᠤᠯᠤᠰ ᠤᠨ ᠦᠶ᠎ᠡ ᠳᠤ ᠮᠤᠩᠭ᠋ᠤᠯ ᠦᠨᠳᠦᠰᠦᠲᠡᠨ ᠤ ᠤᠷᠳᠤᠨ ᠤ ᠬᠦᠭᠵᠢᠮ ᠠᠭᠠᠵᠢᠮ ᠢᠶᠡᠷ ᠤᠰᠠᠳᠤᠭᠰᠠᠨ ᠪᠠᠶᠢᠨ᠎ᠠ᠃ ᠡᠶᠢᠮᠦ ᠡᠴᠡ ᠦᠨᠦᠳᠤᠷ ᠤᠨ ᠬᠦᠮᠦᠰ ᠵᠦᠪᠬᠡᠨ ᠨᠡᠯᠦᠬᠡᠷ ᠶᠡᠬᠡ ᠠᠷᠠᠳ ᠤᠨ ᠲᠠᠭᠤᠤ ᠬᠦᠭᠵᠢᠮ ᠪᠠ ᠠᠷᠠᠳ ᠤᠨ ᠤᠯᠠᠮᠵᠢᠯᠠᠯ ᠶᠡᠷᠢᠶ᠎ᠠ ᠶᠢᠨ ᠲᠤᠮᠳᠠ ᠡᠴᠡ ᠲᠡᠬᠦᠨ ᠤ ᠤᠯᠠ ᠮᠦᠷ ᠢ ᠨᠢ ᠰᠦᠪᠡᠭᠴᠢᠯᠡᠬᠦ ᠪᠤᠯᠵᠠᠢ᠃ ᠡᠳᠡᠬᠡᠷ ᠦᠯᠡᠳᠡᠭᠳᠡᠵᠤ ᠪᠠᠶᠢᠭ᠎ᠠ ᠮᠦᠷ ᠰᠦᠪᠡᠭᠴᠢ ᠨᠢ ᠠᠷᠳ ᠤᠨ ᠲᠠᠭᠤᠤ ᠶᠢ ᠲᠦᠷᠦᠯ ᠬᠤᠪᠢᠶᠠᠬᠤ ᠠᠷᠭ᠎ᠠ᠂ ᠠᠷᠠᠳ ᠤᠨ ᠲᠠᠭᠤᠤ ᠬᠦᠭ᠍ᠵᠢᠮ ᠤᠨ ᠰᠡᠳᠤᠪ᠂ ᠬᠦᠭᠵᠢᠮᠳᠡᠬᠦᠷ ᠤᠨ ᠨᠡᠷ᠎ᠡ ᠵᠢᠴᠢ ᠬᠦᠭᠵᠢᠮ ᠤᠨ ᠠᠭᠤᠯᠭ᠎ᠠ ᠪᠤᠯᠤᠨ ᠬᠡᠪ ᠨᠠᠮᠪᠠ ᠲᠡᠭᠡᠷ᠎ᠡ ᠢᠯᠡᠷᠡᠵᠤ ᠪᠠᠶᠢᠨ᠎ᠠ᠃ ᠮᠤᠩᠭ᠋ᠤᠯ ᠦᠨᠳᠦᠰᠦᠲᠡᠨ ᠤ ᠤᠷᠳᠤᠨ ᠤ ᠬᠦᠭᠵᠢᠮ ᠪᠤᠯ ᠮᠤᠩᠭ᠋ᠤᠯ ᠦᠨᠳᠦᠰᠦᠲᠡᠨ ᠤ ᠬᠦᠭ᠍ᠵᠢᠮ ᠤᠨ ᠰᠤᠳᠤᠨ ᠵᠦᠢᠯ ᠪᠤᠯᠬᠤ ᠶᠤᠮ᠃ ᠡᠳᠡᠬᠡᠷ ᠬᠦᠭ᠍ᠵᠢᠮ ᠢᠶᠡᠷ ᠮᠤᠩᠭᠤᠯ ᠦᠨᠳᠦᠰᠦᠲᠡᠨ ᠤ ᠲᠡᠦᠬᠡ ᠰᠤᠶᠤᠯ ᠪᠠ ᠭᠤᠤ᠎ᠠ ᠰᠠᠶᠢᠬᠠᠨ ᠤ ᠰᠤᠨᠢᠷᠬᠠᠯ ᠢ ᠲᠤᠰᠬᠠᠵᠤ ᠪᠤᠯᠬᠤ ᠶᠤᠮ᠃

    ᠵᠢᠩᠭᠠᠷ ᠨᠡᠷᠡᠮᠵᠢᠳᠤ ᠮᠤᠩᠭ᠋ᠤᠯ ᠦᠨᠳᠦᠰᠦᠲᠡᠨ ᠤ ᠤᠷᠳᠤᠨ ᠤ ᠡᠷᠲᠡᠨ ᠤ ᠬᠦᠭ᠍ᠵᠢᠮ ᠤᠨ ᠪᠦᠯᠬᠦᠮ ᠪᠤᠯ 2000 ᠤᠨ ᠤ 10 ᠰᠠᠷ᠎ᠠ ᠶᠢᠨ 7 ᠤ ᠡᠳᠤᠷ ᠪᠠᠶᠢᠭᠤᠯᠤᠭᠳᠠᠭᠰᠠᠨ ᠶᠤᠮ᠃ ᠠᠩᠬ᠎ᠠ ᠡᠬᠢᠨ ᠳᠤ ᠪᠡᠨ ᠲᠤᠰ ᠪᠦᠯᠬᠦᠮ ᠳᠤ ᠲᠤᠯᠤᠭ᠎ᠠ ᠨᠠᠶ᠋ᠮᠠᠨᠬᠠ ᠬᠦᠮᠦᠨ ᠲᠠᠢ ᠪᠠᠶᠢᠭᠰᠠᠨ ᠪᠦᠭᠡᠳ ᠤᠯᠠᠩᠬᠢ ᠨᠢ ᠲᠤᠰᠬᠠᠢ ᠮᠡᠷᠬᠡᠵᠢᠯ ᠤᠨ ᠪᠦᠯᠬᠦᠮ ᠪᠠ ᠲᠤᠰᠬᠠᠢ ᠮᠡᠷᠬᠡᠵᠢᠯ ᠤᠨ ᠶᠡᠬᠡ ᠰᠤᠷᠭᠠᠭᠤᠯᠢ ᠲᠡᠬᠡᠳᠤ ᠰᠤᠷᠭᠠᠭᠤᠯᠢ ᠶᠢᠨ ᠬᠦᠭ᠍ᠵᠢᠮᠴᠢᠳ ᠪᠠᠶᠢᠪᠠ᠃ ᠲᠤᠰ ᠪᠦᠯᠬᠦᠮ ᠮᠤᠩᠭ᠋ᠤᠯ ᠦᠨᠳᠦᠰᠦᠲᠡᠨ ᠤ ᠪᠠᠭᠠᠳᠤᠷᠯᠢᠭ ᠲᠤᠤᠯᠢᠰ ᠵᠢᠩᠭ᠋ᠠᠷ ᠤᠨ ᠭᠤᠤᠯ ᠪᠠᠭᠠᠳᠤᠷ ᠤᠨ ᠨᠡᠷ᠎ᠡ ᠪᠡᠷ ᠪᠦᠯᠬᠦᠮ ᠢᠶᠡᠨ ᠨᠡᠷᠡᠶᠢᠳᠦᠭᠰᠡᠨ ᠪᠠᠶᠢᠨ᠎ᠠ᠃

    ᠦᠨᠳᠦᠰᠦᠲᠡᠨ ᠤ ᠰᠤᠶᠤᠯ ᠢᠶᠡᠨ ᠪᠠᠳᠠᠷᠠᠭᠤᠯᠬᠤ ᠶᠢᠨ ᠲᠦᠯᠦᠬᠡ᠂ ᠵᠢᠩᠭᠠᠷ ᠨᠡᠷᠡᠮᠵᠢᠳᠤ ᠮᠤᠩᠭ᠋ᠤᠯ ᠦᠨᠳᠦᠰᠦᠲᠡᠨ ᠤ ᠤᠷᠳᠤᠨ ᠤ ᠬᠦᠭ᠍ᠵᠢᠮ ᠤᠨ ᠪᠦᠯᠬᠦᠮ ᠤᠨ ᠲᠠᠷᠤᠭ᠎ᠠ ᠪᠤᠯᠤᠳ ᠠᠪᠤᠭᠠᠢ ᠦᠨᠳᠦᠰᠦᠲᠡᠨ ᠤ ᠪᠠᠨ ᠲᠡᠦᠬᠡ ᠰᠤᠶᠤᠯ ᠪᠤᠯᠤᠨ ᠬᠦᠭ᠍ᠵᠢᠮ ᠢ ᠰᠤᠳᠤᠯᠬᠤ᠂ ᠡᠮᠬᠢᠳᠬᠡᠬᠦ ᠪᠠ ᠨᠡᠬᠡᠬᠡᠨ ᠢᠯᠡᠷᠡᠬᠦᠯᠬᠦ ᠠᠵᠢᠯ ᠢ ᠬᠡᠳᠤᠨ ᠠᠷᠪᠠᠨ ᠵᠢᠯ ᠢᠶᠡᠷ ᠴᠦᠬᠦᠷᠡᠰᠢ ᠦᠭᠡᠢ ᠬᠢᠭ᠍ᠰᠡᠭᠡᠷ ᠢᠷᠡᠵᠡᠢ᠃ ᠰᠠᠨᠠᠭ᠎ᠠ ᠰᠡᠳᠬᠢᠯ ᠨᠡᠶᠢᠯᠡᠭᠰᠡᠨ ᠬᠡᠰᠡᠭ ᠤᠷᠠᠯᠢᠭᠴᠢᠨ ᠤ ᠤᠯᠠᠨ ᠵᠢᠯ ᠤᠨ ᠴᠢᠷᠮᠠᠶᠢᠯᠭ᠎ᠠ ᠪᠡᠷ ᠲᠠᠮᠵᠢᠨ᠂ ᠤᠰᠠᠳᠤᠭᠠᠳ ᠤᠯᠠᠨ ᠵᠢᠯ ᠪᠤᠯᠤᠭᠰᠠᠨ ᠮᠤᠩᠭ᠋ᠤᠯ ᠦᠨᠳᠦᠰᠦᠲᠡᠨ ᠤ ᠤᠷᠳᠤᠨ ᠤ ᠬᠦᠭ᠍ᠵ᠍ᠢᠮ ᠢ ᠲᠠᠬᠢᠨ ᠤᠶᠠᠩᠭᠠᠯᠠᠭᠤᠯᠤᠭᠰᠠᠨ ᠪᠠᠶᠢᠨ᠎ᠠ᠃ ᠲᠤᠰ ᠬᠦᠭ᠍ᠵᠢᠮ ᠤᠨ ᠪᠦᠯᠬᠦᠮ ᠨᠢ ᠤᠳᠤ ᠨᠢᠬᠡᠨᠲᠡ 100 ᠭᠠᠷᠤᠢ ᠪᠠᠳᠠᠭ ᠮᠤᠩᠭ᠋ᠤᠯ ᠦᠨᠳᠦᠰᠦᠲᠡᠨ ᠤ ᠤᠷᠳᠤᠨ ᠤ ᠬᠦᠭ᠍ᠵᠢᠮ ᠢ ᠬᠤᠷᠢᠶᠠᠨ ᠡᠮᠬᠢᠳᠬᠡᠭᠰᠡᠨ ᠪᠠᠶᠢᠨ᠎ᠠ᠃ 2001 ᠤᠨ ᠳᠤ ᠂ ᠲᠤᠰ ᠬᠦᠭ᠍ᠵᠢᠮ ᠤᠨ ᠪᠦᠯᠬᠦᠮ ᠶᠠᠫᠤᠨ ᠳᠤ ᠬᠦᠷᠴᠦ ᠲᠤᠭᠯᠠᠯᠳᠠ ᠭᠠᠷᠭᠠᠭᠠᠳ ᠮᠦᠨ 2002 ᠤᠨ ᠳᠤ ᠡᠮᠦᠨᠡᠳᠤ ᠶᠢᠨ 38 ᠬᠤᠳᠠ ᠳᠤ ᠲᠤᠭᠯᠠᠭᠠᠳ ᠮᠠᠰᠢ ᠶᠡᠬᠡ ᠠᠮᠵᠢᠯᠲᠠ ᠤᠯᠤᠭᠰᠠᠨ ᠪᠠᠶᠢᠨ᠎ᠠ᠃ ᠵᠢᠩᠭᠠᠷ ᠨᠡᠷᠡᠮᠵᠢᠳᠤ ᠪᠦᠯᠬᠦᠮ ᠨᠢ ᠮᠤᠩᠭ᠋ᠤᠯ ᠦᠨᠳᠦᠰᠦᠲᠡᠨ ᠤ ᠤᠷᠳᠤᠨ ᠤ ᠬᠦᠭ᠍ᠵᠢᠮ ᠢ ᠨᠡᠬᠡᠬᠡᠨ ᠢᠯᠡᠷᠡᠬᠦᠯᠬᠦ᠂ ᠤᠬᠠᠭᠤᠯᠬᠤ ᠪᠠ ᠲᠡᠯᠬᠡᠷᠡᠬᠦᠯᠬᠦ ᠲᠠᠯ᠎ᠠ ᠪᠡᠷ ᠵᠤᠬᠢᠬᠤ ᠬᠤᠪᠢ ᠨᠡᠮᠡᠷᠢ ᠦᠵᠡᠬᠦᠯᠬᠦ ᠶᠢ ᠪᠢᠳᠡ ᠢᠳᠡᠬᠡᠵᠤ ᠪᠠᠶᠢᠨ᠎ᠠ᠃

    ᠲᠤᠰ ᠠᠭᠤᠯᠭ᠎ᠠ ᠶᠢᠨ ᠬᠡᠪᠯᠡᠯ ᠤᠨ ᠡᠷᠬᠡ ᠶᠢ ᠵᠢᠩᠭ᠋ᠠᠷ ᠨᠡᠷᠡᠮᠵᠢᠳᠤ ᠮᠤᠩᠭ᠋ᠤᠯ ᠦᠨᠳᠦᠰᠦᠲᠡᠨ ᠤ ᠤᠷᠳᠤᠨ ᠤ ᠬᠦᠭ᠍ᠵᠢᠮ ᠤᠨ ᠪᠦᠯᠬᠦᠮ ᠤᠨ ᠲᠠᠷᠤᠭ᠎ᠠ ᠪᠤᠯᠤᠳ ᠡᠴᠡ ᠵᠦᠪᠬᠡᠨ ᠰᠢᠨᠬᠤᠸᠠ ᠮᠤᠩᠭ᠋ᠤᠯ ᠨᠧᠲ ᠲᠤ ᠤᠯᠭᠤᠭᠰᠠᠨ ᠪᠤᠯᠬᠤᠷ ᠬᠡᠯᠡᠯᠴᠡᠬᠡᠷ ᠢᠶᠡᠷ ᠲᠠᠮᠵᠢᠨ ᠡᠷᠬᠡ ᠤᠯᠭᠤᠭᠰᠠᠨ ᠦᠭᠡᠢ ᠪᠠᠶᠢᠳᠠᠯ ᠳᠤ ᠰᠢᠯᠵᠢᠬᠦᠯᠦᠨ ᠬᠡᠷᠡᠭᠯᠡᠬᠦ ᠶᠢ ᠡᠷᠡᠰ ᠬᠣᠷᠢᠭᠯᠠᠨ᠎ᠠ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
010070230030000000000000011120691118866329