ᠤᠷᠳᠤᠨ ᠤ ᠬᠦᠭᠵᠢᠮ《ᠶᠤᠳᠪᠠᠢ ᠠᠰᠤᠷᠤ》 2016-05-19 11:20

    《ᠶᠤᠳᠪᠠᠢ ᠠᠰᠤᠷᠤ》(Yodbai Asaru)《ᠴᠠᠬᠠᠷ ᠠᠰᠤᠷᠤ》(Chahar Asaru)ᠲᠠᠢ ᠠᠳᠠᠯᠢᠬᠠᠨ᠂ ᠤᠮᠠᠷᠠᠲᠦ ᠶᠤᠸᠠᠨ ᠤ ᠲᠦᠷᠦ ᠶᠢᠨ ᠤᠷᠳᠤᠨ ᠤ ᠨᠠᠶᠢᠷ ᠤᠨ ᠮᠤᠩᠭᠤᠯ ᠬᠦᠭᠵᠢᠮ ᠪᠤᠯᠤᠨ᠎ᠠ᠃ ᠴᠠᠬᠠᠷ ᠨᠠᠶ᠋ᠮᠠᠨ ᠠᠶᠢᠮᠠᠭ ᠤᠨ ᠲᠦᠪ ᠠᠶᠢᠮᠠᠭ ᠴᠢᠩ ᠤᠨ ᠲᠦᠷᠦ ᠶᠢᠨ ᠴᠠᠬᠠᠷ ᠨᠠᠶ᠋ᠮᠠᠨ ᠬᠤᠰᠢᠭᠤ ᠲᠠᠢ ᠠᠳᠠᠯᠢ ᠦᠬᠡᠢ᠂ ᠵᠡᠬᠦᠨ ᠭᠤᠷᠪᠠᠨ ᠠᠶᠢᠮᠠᠭ ᠪᠤᠯᠤᠨ ᠪᠠᠷᠠᠭᠤᠨ ᠭᠤᠷᠪᠠᠨ ᠠᠶᠢᠮᠠᠭ ᠬᠤᠪᠢᠶᠠᠳᠠᠭ᠃ 《ᠠᠰᠤᠷᠤ》ᠳ᠋ᠤ ᠬᠤᠶᠠᠷ ᠵᠦᠢᠯ ᠤᠨ ᠠᠳᠠᠯᠢ ᠪᠤᠰᠤ ᠶᠢᠨ ᠲᠠᠶᠢᠯᠪᠤᠷᠢ ᠲᠠᠢ᠂ ᠨᠢᠬᠡ᠄ ᠦᠪᠡᠳᠡᠭᠰᠢ᠂ ᠨᠢᠵᠢᠬᠡᠷ ᠶᠡᠭᠡ ᠃ ᠬᠤᠶᠠᠷ᠄ ᠠᠰᠠᠷ ᠲᠡᠬᠲᠤ᠃ ᠡᠨᠡᠬᠦ ᠠᠰᠠᠷ ᠲᠠᠭᠲᠤ ᠨᠢ ᠮᠠᠶᠢᠬᠠᠨ ᠢᠶᠡᠷ ᠪᠠᠶᠢᠭᠤᠯᠤᠭᠰᠠᠨ ᠲᠦᠪᠡᠳ ᠤᠯᠠᠮᠵᠢᠯᠠᠯᠲᠤ ᠮᠠᠰᠢ ᠤᠯᠠᠨ ᠵᠢᠷᠤᠭ ᠬᠡ ᠲᠠᠢ᠂ ᠴᠠᠰᠦ ᠴᠠᠭᠠᠨ ᠲᠤᠮᠤ ᠴᠠᠴᠠᠷ ᠪᠤᠯᠤᠨ᠎ᠠ᠃ 《ᠨᠠᠭᠠᠳᠤᠮ》ᠪᠤᠯᠤᠨ ᠪᠠᠯᠭᠡᠯᠡᠬᠦ ᠠᠵᠢᠯᠯᠠᠭᠠᠨ ᠤ  ᠦᠶᠡᠰ ᠢᠶᠡᠷ ᠸᠠᠩ ᠬᠦᠩ ᠢᠵᠠᠭᠤᠷᠲᠠᠳ ᠤᠨ ᠨᠠᠶᠢᠷᠯᠠᠨ ᠴᠡᠩᠭᠡᠯᠳᠤᠬᠦ ᠶᠡᠬᠡ ᠴᠠᠴᠠᠷ᠃ ᠲᠤᠰ ᠬᠦᠭᠵᠢᠮ ᠤᠨ ᠨᠡᠷ᠎ᠡ ᠡᠴᠡ ᠬᠠᠷᠠᠬᠤ ᠳ᠋ᠤ᠂ ᠵᠢᠱᠢᠶᠡᠯᠡᠪᠡᠯ᠄ 《ᠠᠳᠤᠭᠤᠴᠢᠨ》᠂ 《ᠮᠠᠯᠴᠢᠨ》᠂《ᠲᠠᠶᠢᠹᠦᠰᠧ》ᠵᠡᠷᠭᠡ ᠨᠡᠷ ᠡ ᠨᠢ ᠴᠠᠬᠠᠷ ᠤᠨ ᠳᠤᠲᠤᠭᠠᠳᠤ ᠳ᠋ᠡᠬᠢ ᠠᠵᠢᠯ ᠤᠨ ᠬᠤᠪᠢᠶᠠᠷᠢᠯᠠᠯ ᠪᠤᠯᠤᠨ ᠭᠠᠵᠠᠷ ᠤᠨ ᠨᠡᠷ᠎ᠡ ᠲᠠᠢ ᠬᠤᠯᠪᠤᠬᠳᠠᠵᠦ ᠪᠠᠢᠢᠬᠤ ᠪᠡᠷ ᠦᠯᠦ ᠪᠠᠷᠠᠮ ᠲᠡᠳᠡᠨᠡᠷ ᠤᠨ 《ᠨᠠᠭᠠᠳᠤᠮ》ᠪᠤᠯᠤᠨ ᠪᠠᠯᠭᠡᠯᠡᠬᠦ ᠠᠵᠢᠯᠯᠠᠭᠠᠨ  ᠳ᠋ᠤ ᠤᠷᠤᠯᠴᠠᠬᠤ  ᠦᠶᠡᠰ ᠤᠨ ᠠᠶᠢᠮᠠᠭ ᠪᠦᠯᠦᠭ ᠭᠠᠵᠠᠷ ᠤᠷᠤᠨ ᠲᠠᠢ ᠬᠤᠯᠪᠤᠬᠳᠠᠵᠦ ᠪᠠᠶᠢᠨ᠎ᠠ᠃ ᠡᠶᠢᠮᠦ ᠤᠴᠢᠷ ᠡᠴᠡ ᠡᠯ᠎ᠡ ᠠᠶᠢᠮᠠᠭ ᠪᠦᠯᠦᠭ  ᠤᠨ ᠸᠠᠩ ᠤᠨ ᠤᠷᠳᠤᠨ  ᠳ᠋ᠤ ᠬᠠᠷᠢᠶᠠᠯᠠᠭᠳᠠᠬᠤ ᠬᠦᠭᠵᠢᠮ ᠬᠠᠮᠤᠭ ᠤᠨ ᠰᠡᠬᠦᠯ ᠳ᠋ᠤᠨᠢ ᠤᠷᠳᠤᠨ ᠤ ᠨᠠᠶᠢᠷ ᠤᠨ ᠬᠦᠭᠵᠢᠮ ᠪᠤᠯᠤᠭᠰᠠᠨ ᠪᠠᠶᠢᠨ᠎ᠠ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
010070230030000000000000011120691118888770