蒙古文网站Logo
ᠰᠢᠨᠬᠤᠸᠠ ᠮᠤᠩᠭ᠋ᠤᠯ ᠨᠧᠲ

《ᠽᠤᠶᠠ ᠱᠦᠷᠠ ᠬᠣᠶᠠᠷ ᠤᠨ ᠥᠯᠢᠭᠡᠷ》ᠭᠡᠬᠦ ᠨᠣᠮ ᠲᠠᠢ ᠲᠠᠨᠢᠯᠴᠠᠨ᠎ᠠ ᠤᠤ

2016-09-01 08:57

   

ᠨᠤᠮ ᠤᠨ ᠨᠡᠷ᠎ᠡ᠄ 《ᠽᠤᠶᠠ ᠱᠦᠷᠠ ᠬᠤᠶᠠᠷ ᠤᠨ ᠦᠯᠢᠬᠡᠷ》
ᠵᠤᠬᠢᠶᠠᠭᠴᠢ᠄ ᠯ•ᠺᠤᠰᠮᠤᠳ᠋ᠧᠮᠢᠶᠠᠨᠰᠺᠡᠶᠠ(ᠵᠦᠪᠯᠡᠯᠳᠤ)
ᠬᠡᠪᠯᠡᠭᠳᠡᠭᠰᠡᠨ ᠴᠠᠭ᠄ 2016 ᠤᠨ ᠤ 1 ᠰᠠᠷ᠎ᠠ ᠳᠤ
ᠬᠡᠪᠯᠡᠬᠦᠯᠦᠨ ᠳᠠᠷᠬᠠᠭᠠᠭᠰᠠᠨ ᠨᠢ᠄ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ
ᠦᠰᠦᠭ ᠤᠨ ᠳᠤᠭ᠎ᠠ᠄ 311 ᠮᠢᠩᠭ᠎ᠠ
ᠦᠨ᠎ᠡ᠄ 46 ᠳᠦᠬᠦᠷᠢᠭ᠌  

    《ᠽᠤᠶᠠ ᠱᠦᠷᠠ ᠬᠤᠶᠠᠷ ᠤᠨ ᠦᠯᠢᠬᠡᠷ》 ᠭᠡᠬᠦ ᠨᠣᠮ ᠪᠣᠯ ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶ᠎ᠠ ᠠᠴᠠ ᠳᠤᠮᠳᠠᠳᠤ ᠤᠯᠤᠰ ᠤᠨ ᠶᠠᠫᠣᠨ ᠢ ᠡᠰᠡᠷᠭᠦᠴᠡᠭᠰᠡᠨ ᠳᠠᠶᠢᠨ ᠪᠣᠯᠤᠨ ᠳᠡᠯᠡᠬᠡᠢ ᠶᠢᠨ ᠹᠠᠱᠢᠰ ᠢ ᠡᠰᠡᠷᠭᠦᠴᠡᠭᠰᠡᠨ ᠳᠠᠶᠢᠨ ᠢᠯᠠᠯᠲᠠ ᠣᠯᠤᠭᠰᠠᠨ 70 ᠵᠢᠯ ᠦᠨ ᠣᠢ ᠳᠤ ᠵᠣᠷᠢᠭᠤᠯᠵᠤ ᠬᠡᠪᠯᠡᠬᠦᠯᠦᠭᠰᠡᠨ ᠨᠣᠮ ᠤᠨ ᠨᠢᠭᠡ᠂ ᠮᠥᠨ ᠴᠤ ᠳᠡᠭᠡᠷ᠎ᠡ ᠵᠠᠭᠤᠨ ᠤ ᠳᠤᠮᠳᠠᠴᠢ ᠠᠴᠠ ᠣᠳᠣ ᠪᠣᠯᠲᠠᠯ᠎ᠠ ᠳᠡᠯᠡᠬᠡᠢ ᠶᠢᠨ ᠡᠯ᠎ᠡ ᠤᠯᠤᠰ ᠣᠷᠣᠨ ᠳᠤ ᠣᠯᠠᠨ ᠵᠦᠢᠯ ᠦᠨ ᠬᠡᠯᠡ ᠪᠡᠷ ᠥᠷᠭᠡᠨ ᠲᠠᠷᠬᠠᠭᠠᠭᠳᠠᠭᠰᠠᠨ ᠨᠠᠷᠠᠲᠠᠢ ᠪᠦᠲᠦᠭᠡᠯ ᠪᠣᠯᠬᠤ ᠶᠤᠮ᠃

    ᠨᠣᠮ ᠤᠨ ᠠᠭᠤᠯᠭ᠎ᠠ ᠶᠢᠨ ᠬᠤᠪᠢ ᠳᠤ᠂ ᠤᠤᠯ ᠤᠨ ᠵᠥᠪᠯᠡᠯᠲᠦ ᠶᠢᠨ ᠦᠨᠳᠦᠰᠦᠲᠡᠨ ᠦ ᠪᠠᠭᠠᠲᠤᠷ ᠽᠤᠶᠠ ᠱᠦᠷᠠ ᠬᠣᠶᠠᠷ ᠤᠨ ᠡᠵᠢ ᠯ•ᠺᠤᠰᠮᠤᠳ᠋ᠧᠮᠢᠶᠠᠨᠰᠺᠡᠶᠠ ᠠᠭᠤᠤ ᠶᠡᠬᠡ ᠡᠭᠡ ᠶᠢᠨ ᠬᠠᠶᠢᠷ᠎ᠠ ᠪᠡᠷ ᠬᠣᠶᠠᠷ ᠬᠡᠦᠬᠡᠳ ᠦᠨ ᠢᠶᠡᠨ ᠦᠰᠦᠨ ᠪᠣᠶᠢᠵᠢᠭᠰᠠᠨ ᠣᠷᠴᠢᠨ ᠲᠣᠭᠣᠷᠢᠨ᠂ ᠥᠩᠭᠡᠷᠡᠯᠲᠡ ᠶᠠᠪᠤᠴᠠ ᠵᠢᠴᠢ ᠥᠯᠢᠭᠡᠷ ᠶᠠᠪᠤᠳᠠᠯ ᠤᠳ ᠢ ᠡᠷᠭᠢᠴᠡᠭᠦᠯᠦᠯ ᠦᠨ ᠬᠡᠯᠪᠡᠷᠢ ᠪᠡᠷ ᠦᠨᠡᠨ ᠪᠣᠳᠠᠲᠠᠢ ᠵᠢᠷᠤᠭᠯᠠᠭᠰᠠᠨ ᠪᠦᠲᠦᠭᠡᠯ ᠶᠤᠮ᠃ ᠬᠡᠳᠦᠶᠢᠪᠠᠷ ᠬᠣᠶᠠᠷ ᠬᠡᠦᠬᠡᠳ ᠨᠢ ᠤᠯᠤᠰ ᠢᠶᠠᠨ ᠬᠠᠮᠠᠭᠠᠯᠠᠵᠤ ᠹᠠᠱᠢᠰ ᠢ ᠡᠰᠡᠷᠭᠦᠴᠡᠬᠦ ᠳᠠᠶᠢᠨ ᠤ ᠭᠠᠯ ᠳᠤ ᠭᠠᠯ ᠵᠠᠯᠠᠭᠤ ᠠᠮᠢ ᠨᠠᠰᠤ ᠪᠠᠨ ᠠᠯᠳᠠᠭᠰᠠᠨ ᠴᠤ ᠵᠣᠬᠢᠶᠠᠭᠴᠢ ᠠᠴᠠ ᠤᠩᠰᠢᠭᠴᠢᠳ ᠲᠤ ᠵᠣᠪᠠᠨᠢᠯ ᠭᠤᠲᠤᠷᠠᠯ ᠤᠨ ᠥᠩᠭᠡ ᠠᠶᠠᠰ ᠢ ᠥᠭᠭᠦᠭᠰᠡᠨ ᠦᠭᠡᠢ᠂ ᠬᠠᠷᠢᠨ ᠤᠩᠰᠢᠭᠴᠢᠳ ᠲᠤ ᠢᠳᠡᠪᠬᠢ ᠬᠦᠴᠦᠨ᠂ ᠴᠢᠷᠮᠠᠶᠢᠬᠤ ᠬᠦᠴᠦᠨ᠂ ᠪᠠᠭᠠᠲᠤᠷᠯᠢᠭ ᠦᠵᠡᠯ᠂ ᠤᠯᠤᠰ ᠤᠷᠤᠨ ᠦᠨᠳᠦᠰᠦᠲᠡᠨ ᠤᠭᠰᠠᠭᠠᠲᠠᠨ ᠢᠶᠠᠨ ᠬᠠᠶᠢᠷᠠᠯᠠᠨ ᠬᠠᠮᠠᠭᠠᠯᠠᠬᠤ ᠦᠵᠡᠯ ᠤᠬᠠᠮᠰᠠᠷ ᠢ ᠰᠤᠷᠲᠠᠯᠴᠢᠯᠠᠭᠰᠠᠨ ᠪᠠᠶᠢᠨ᠎ᠠ᠃

    ᠽᠤᠶᠠ ᠱᠦᠷᠠ ᠬᠣᠶᠠᠷ ᠬᠠᠷᠠᠬᠠᠨ ᠪᠠᠭ᠎ᠠ ᠠᠴᠠ ᠪᠠᠨ ᠬᠢᠴᠢᠶᠡᠯ ᠰᠤᠷᠤᠯᠭ᠎ᠠ ᠳᠤ ᠪᠠᠨ ᠰᠢᠮᠳᠠᠨ ᠰᠤᠷᠤᠯᠴᠠᠵᠤ᠂ ᠠᠪᠤ ᠡᠵᠢ ᠶᠢᠨ ᠢᠶᠡᠨ ᠨᠥᠯᠥᠭᠡᠯᠡᠯ ᠳᠣᠣᠷ᠎ᠠ ᠨᠣᠮ ᠤᠩᠰᠢᠬᠤ ᠳᠤᠷᠠᠲᠠᠢ ᠪᠣᠯᠵᠠᠢ᠃ ᠲᠡᠳᠡᠨᠡᠷ ᠢ ᠳᠣᠩ ᠪᠠᠭ᠎ᠠ ᠪᠠᠶᠢᠬᠤ ᠳᠤ ᠠᠪᠤ ᠨᠢ ᠡᠪᠡᠳᠴᠢᠨ ᠢᠶᠡᠷ ᠨᠠᠰᠤ ᠪᠠᠷᠠᠭᠰᠠᠨ ᠠᠴᠠ ᠡᠵᠢ ᠲᠡᠢ ᠪᠡᠨ ᠭᠤᠷᠪᠠᠭᠤᠯᠠ ᠠᠮᠢᠳᠤᠷᠠᠯ ᠤᠨ ᠬᠦᠴᠢᠷ ᠪᠡᠷᠭᠡ ᠶᠢ ᠳᠣᠭᠣᠯᠵᠤ ᠢᠷᠡᠭᠰᠡᠨ ᠪᠤᠯᠬᠤᠷ ᠣᠯᠠᠨ ᠰᠠᠶᠢᠬᠠᠨ ᠰᠢᠯᠢᠳᠡᠭ ᠵᠠᠩ ᠰᠤᠷᠲᠠᠯ ᠲᠠᠢ ᠪᠣᠯᠤᠨ ᠬᠦᠮᠦᠵᠢᠵᠡᠢ᠃ ᠶᠠᠭ ᠡᠶᠢᠮᠦ ᠡᠴᠡ ᠹᠠᠱᠢᠰ ᠤᠨ ᠲᠦᠷᠢᠮᠡᠬᠡᠶᠢᠯᠡᠭᠴᠢᠳ ᠡᠭᠡ ᠤᠯᠤᠰ ᠢ ᠨᠢ ᠬᠢᠬᠠᠨ ᠲᠦᠷᠢᠮᠡᠭᠡᠶᠢᠯᠡᠬᠦ ᠳᠦ ᠡᠭᠡᠴᠢ ᠳᠡᠭᠦᠦ ᠬᠣᠶᠠᠷ ᠬᠣᠶᠢᠨ᠎ᠠ ᠬᠣᠶᠢᠨ᠎ᠠ ᠠᠴᠠ ᠪᠠᠨ ᠴᠠᠷᠢᠭ᠌ ᠲᠤ ᠮᠣᠷᠳᠠᠵᠤ᠂ ᠡᠭᠡ ᠤᠯᠤᠰ ᠢᠶᠠᠨ ᠬᠠᠮᠠᠭᠠᠯᠠᠬᠤ ᠳᠠᠶᠢᠨ ᠳᠤ ᠠᠯᠲᠠᠨ ᠠᠮᠢ ᠪᠡᠨ ᠡᠷᠭᠦᠭᠰᠡᠨ ᠶᠤᠮ᠃

    ᠽᠤᠶᠠ ᠱᠦᠷᠠ ᠶᠢᠨ ᠵᠠᠩ ᠴᠢᠨᠠᠷ ᠤᠳᠤᠬᠢ ᠨᠡᠢᠢᠬᠡᠮ ᠳ᠋ᠦ ᠴᠦ ᠳᠤᠲᠠᠭᠳᠠᠵᠤ ᠪᠣᠯᠣᠰᠢ ᠦᠭᠡᠢ ᠶᠤᠮ᠃ ᠲᠣᠰ ᠨᠣᠮ ᠨᠢ ᠪᠠᠭᠠᠴᠤᠳ ᠬᠡᠦᠬᠡᠳ ᠪᠠ ᠭᠡᠷ ᠦᠨ ᠠᠬᠠᠮᠠᠳ ᠪᠣᠯᠤᠭᠰᠠᠳ ᠲᠤ ᠵᠣᠷᠢᠭᠤᠯᠤᠭᠰᠠᠨ ᠤᠩᠰᠢᠪᠦᠷᠢ ᠲᠡᠢ ᠨᠣᠮ ᠶᠤᠮ᠃ ᠪᠠᠭᠠᠴᠤᠳ ᠬᠡᠦᠬᠡᠳ ᠢᠶᠡᠷ ᠠᠪᠴᠤ ᠬᠡᠯᠡᠪᠡᠯ ᠵᠣᠬᠢᠶᠠᠯ ᠤᠨ ᠪᠠᠭᠠᠲᠤᠷ ᠤᠨ ᠦᠰᠦᠨ ᠪᠣᠶᠢᠵᠢᠭᠰᠠᠨ ᠥᠩᠭᠡᠷᠡᠯᠲᠡ ᠶᠠᠪᠤᠴᠠ ᠨᠢ ᠲᠡᠳᠡᠨᠦᠰ ᠦᠨ ᠠᠵᠢᠯ ᠰᠤᠷᠤᠯᠭ᠎ᠠ ᠪᠠ ᠨᠡᠶᠢᠭᠡᠮ ᠨᠠᠶᠢᠳᠠ ᠳᠤ ᠬᠡᠷᠡᠭᠴᠡᠭᠡ ᠲᠡᠢ ᠬᠥᠮᠥᠨ ᠪᠣᠯᠬᠤ ᠳᠤ ᠨᠢ ᠳᠠᠭᠤᠷᠢᠶᠠᠯ ᠪᠣᠯᠵᠤ ᠪᠣᠯᠤᠨ᠎ᠠ᠃ ᠳᠣᠮᠣ ᠬᠥᠮᠥᠨ ᠢᠶᠡᠷ ᠠᠪᠴᠤ ᠬᠡᠯᠡᠭᠰᠡᠨ ᠴᠤ ᠦᠷ᠎ᠡ ᠬᠡᠦᠬᠡᠳ ᠢᠶᠡᠨ ᠰᠤᠷᠭᠠᠨ ᠬᠦᠮᠦᠵᠢᠭᠦᠯᠬᠦ ᠳᠤ ᠨᠢ ᠬᠢᠨᠠᠯᠲᠠ ᠯᠠᠪᠯᠠᠯᠭ᠎ᠠ ᠪᠣᠯᠵᠤ ᠪᠣᠯᠬᠤ ᠶᠤᠮ ᠡ᠃ (ᠡᠬᠡ ᠪᠢᠴᠢᠭ᠌᠌ ᠢ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠡᠴᠡ ᠬᠠᠩᠭᠠᠪᠠ)

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119490309