蒙古文网站Logo
ᠰᠢᠨᠬᠤᠸᠠ ᠮᠤᠩᠭ᠋ᠤᠯ ᠨᠧᠲ

《ᠡᠳᠦᠷᠵᠢᠨ ᠰᠥᠨᠢᠵᠢᠨ》ᠨᠣᠮ ᠢ ᠲᠠᠨᠢᠯᠴᠠᠭᠤᠯᠵᠤ ᠪᠠᠶᠢᠨ᠎ᠠ

2016-09-28 09:12

 

ᠨᠣᠮ ᠤᠨ ᠨᠡᠷ᠎ᠡ ᠄ 《ᠡᠳᠦᠷᠵᠢᠨ ᠰᠥᠨᠢᠵᠢᠨ》

ᠵᠣᠬᠢᠶᠠᠭᠴᠢ ᠄ ᠺᠤᠰᠲ᠋ᠠᠨᠲ᠋ᠢᠨ ᠰᠢᠮᠦᠨᠤᠧ

ᠬᠡᠪᠯᠡᠭᠳᠡᠭᠰᠡᠨ ᠴᠠᠭ᠄ 2016 ᠣᠨ ᠤ 1 ᠰᠠᠷ᠎ᠠ ᠳᠤ

ᠬᠡᠪᠯᠡᠭᠦᠯᠦᠨ ᠲᠠᠷᠬᠠᠭᠠᠭᠰᠠᠨ ᠨᠢ᠄ ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶ᠎ᠠ

ᠥᠰᠦᠭ ᠦᠨ ᠲᠣᠭ᠎ᠠ᠄ 362 ᠮᠢᠩᠭ᠎ᠠ

ᠦᠨ᠎ᠡ᠄ 52.00 ᠲᠥᠭᠦᠷᠢᠭ᠌

ᠲᠠᠨᠢᠯᠴᠠᠭᠤᠯᠤᠭᠰᠠᠨ ᠨᠢ᠄ ᠰᠢᠨᠬᠤᠧᠠ ᠮᠤᠩᠭᠤᠯ ᠨᠧᠲ

    ᠢᠮᠢᠨ ᠤ ᠣᠷᠴᠢᠭᠤᠯᠤᠭᠰᠠᠨ《ᠡᠳᠦᠷᠵᠢᠨ ᠰᠥᠨᠢᠵᠢᠨ》ᠬᠡᠮᠡᠬᠦ ᠨᠣᠮ ᠣᠷᠴᠢᠮᠬᠠᠨ ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶᠠᠨ ᠠᠴᠠ ᠬᠡᠪᠯᠡᠭᠳᠡᠨ ᠭᠠᠷᠴᠤ ᠂ ᠤᠩᠰᠢᠭᠴᠢ ᠳᠠ ᠪᠦᠬᠦᠨ ᠦ ᠪᠡᠨ ᠬᠠᠯᠠᠭᠤᠨ ᠠᠯᠠᠭᠠᠨ ᠳᠤ ᠳᠡᠯᠭᠡᠭᠳᠡᠬᠦ ᠪᠣᠯᠤᠯ᠎ᠠ᠃ ᠲᠣᠰ ᠨᠣᠮ《ᠰᠲ᠋ᠠᠯᠢᠩᠭᠷᠠᠳ᠋ ᠍ ᠲᠤ ᠪᠣᠯᠤᠭᠰᠠᠨ ᠪᠠᠭᠠᠲᠤᠷᠯᠢᠭ ᠲᠤᠯᠤᠯᠳᠤᠭᠠᠨ ᠢ ᠨᠢᠳᠦ ᠪᠡᠷ ᠦᠵᠡᠭᠰᠡᠨ ᠦ ᠠᠮᠢᠳᠤ ᠪᠠᠷᠢᠮᠲᠠ 》ᠭᠡᠮᠡᠨ ᠨᠡᠷᠡᠯᠡᠭᠳᠡᠵᠠᠢ᠃ ᠳᠤᠰ ᠪᠦᠳᠦᠬᠡᠯ ᠢᠶᠡᠷ ᠢᠶᠡᠨ ᠵᠣᠬᠢᠶᠠᠭᠴᠢ ᠺᠣᠰᠲ᠋ᠠᠨᠲ᠋ᠢᠨ ᠰᠢᠮᠤᠨᠤᠧ 1946 ᠣᠨ ᠳᠤ ᠰᠲ᠋ᠠᠯᠢᠨ ᠤ ᠨᠡᠷᠡᠮᠵᠢᠲᠦ ᠱᠠᠩᠨᠠᠯ ᠢ ᠭᠥᠷᠳᠡᠭᠰᠡᠨ ᠪᠢᠯᠡ᠃ ᠹᠠᠱᠢᠰ ᠢ ᠡᠰᠡᠷᠭᠦᠴᠡᠬᠦ ᠳᠠᠶᠢᠨ ᠤ ᠢᠯᠠᠯᠲᠠ ᠶᠢᠨ ᠳᠠᠯᠠᠨ ᠵᠢᠯ ᠦᠨ ᠣᠢ ᠰᠠᠶ᠊ᠢᠬᠠᠨ ᠪᠣᠯᠵᠤ ᠦᠩᠬᠡᠷᠡᠭᠰᠡᠨ ᠡᠨᠡᠬᠥ ᠳᠠᠰᠢᠷᠠᠮ ᠳᠤ ᠲᠣᠰ ᠨᠣᠮ ᠳᠠᠬᠢᠨ ᠬᠡᠪᠯᠡᠭᠳᠡᠭᠰᠡᠨ ᠨᠢ ᠦᠨᠡᠨ ᠪᠣᠳᠠᠲᠤ ᠠᠴᠢ ᠬᠣᠯᠪᠣᠭᠳᠠᠯ ᠲᠠᠢ ᠶᠤᠮ᠃

    ᠲᠣᠰ ᠷᠣᠮᠠᠨ ᠤ ᠵᠣᠬᠢᠶᠠᠭᠴᠢ ᠺᠣᠰᠲ᠋ᠠᠨᠲ᠋ᠢᠨ ᠰᠢᠮᠤᠨᠤᠧ ᠪᠣᠯ ᠡᠭᠡ ᠣᠷᠣᠨ ᠤ ᠪᠠᠨ ᠠᠭᠤᠤ ᠳᠠᠶᠢᠨ ᠤ ᠠᠩᠬᠠᠨ ᠤ ᠡᠳᠦᠷ ᠡᠴᠡ ᠡᠬᠢᠯᠡᠭᠡᠳ ᠲᠡᠭᠦᠰᠬᠡᠯ ᠦᠨ ᠢᠯᠠᠯᠲᠠ ᠶᠢᠨ ᠡᠳᠦᠷ ᠬᠦᠷᠲᠡᠯ᠎ᠡ ᠳᠠᠶᠢᠨ ᠳᠤ ᠣᠷᠣᠯᠴᠠᠵᠤ ᠂《ᠤᠯᠠᠭᠠᠨ ᠣᠳᠣ》ᠰᠣᠨᠢᠨ ᠤ ᠴᠠᠷᠢᠭ᠌ ᠤᠨ ᠰᠤᠷᠪᠤᠯᠵᠢᠯᠠᠭᠴᠢ ᠶᠢᠨ ᠬᠤᠪᠢ ᠪᠡᠷ ᠣᠷᠣᠯᠴᠠᠨ᠂ ᠳᠠᠳ᠋ ᠬᠤᠷᠠᠩᠳᠠ ᠴᠣᠯᠠ ᠲᠠᠢ ᠪᠣᠯᠲᠠᠯ᠎ᠠ ᠪᠠᠨ ᠲᠡᠪᠰᠢᠨ ᠠᠵᠢᠯᠯᠠᠵᠤ ᠶᠠᠪᠤᠵᠠᠢ᠃ ᠵᠣᠬᠢᠶᠠᠭᠴᠢ ᠥᠷᠭᠡᠨ ᠶᠡᠬᠡ ᠠᠯᠳᠠᠷ ᠢ ᠣᠯᠤᠭᠰᠠᠨ ᠮᠥᠷᠲᠡᠭᠡᠨ ᠲᠡᠭᠦᠨ ᠦ ᠳᠣᠭᠣᠵᠢ᠂ ᠦᠭᠦᠯᠡᠯᠭᠡ᠂ ᠨᠠᠶᠢᠷᠠᠭᠤᠯᠤᠯ᠂ ᠵᠦᠴᠦᠭᠡ ᠶᠢᠨ ᠵᠣᠬᠢᠶᠠᠯ᠂ ᠤᠶᠠᠩᠭ᠎ᠠ ᠶᠢᠨ ᠰᠢᠯᠦᠭ ᠵᠡᠷᠭᠡ ᠮᠠᠰᠢ ᠣᠯᠠᠨ ᠤᠷᠠᠨ ᠪᠦᠲᠦᠭᠡᠯ ᠦᠳ ᠨᠢ ᠪᠥᠬᠦ ᠵᠥᠪᠯᠡᠯᠳᠦ ᠣᠷᠣᠨ ᠳᠤ ᠣᠯᠠᠨ ᠵᠤᠶᠢᠯ ᠤᠨ ᠱᠠᠩᠨᠠᠯ ᠢ ᠭᠥᠷᠳᠡᠭᠰᠡᠨ ᠶᠤᠮ᠃ ᠲᠡᠭᠦᠨ ᠦ ᠡᠨᠡᠬᠥ ᠪᠦᠲᠦᠭᠡᠯ《ᠡᠳᠦᠷᠵᠢᠨ ᠰᠥᠨᠢᠵᠢᠨ》 ᠭᠡᠬᠦ ᠨᠣᠮ ᠨᠢ ᠮᠠᠰᠢ ᠠᠮᠢᠳᠤᠯᠢᠭ ᠪᠣᠳᠠᠲᠠᠢ᠂ ᠨᠥᠯᠦᠭᠡᠯᠡᠬᠦ ᠬᠦᠴᠦᠨ ᠪᠠ ᠢᠲᠡᠭᠡᠭᠦᠯᠬᠦ ᠬᠦᠴᠦᠨ ᠢᠶᠡᠷ ᠴᠢᠩᠭ᠎ᠠ ᠣᠨᠴᠠᠯᠢᠭ ᠲᠠᠢ᠃

    《ᠡᠳᠦᠷᠵᠢᠨ ᠰᠥᠨᠢᠵᠢᠨ》ᠨᠢ 1942-1943 ᠣᠨ ᠳᠤ ᠪᠢᠴᠢᠭᠳᠡᠵᠦ᠂ ᠳᠠᠶᠢᠨ ᠤ ᠹᠷᠣᠨᠲ ᠳᠠᠬᠢ ᠪᠠᠶᠢᠯᠳᠤᠭᠴᠢ ᠠᠩᠭᠢ ᠶᠢᠨ ᠠᠮᠢᠳᠤᠷᠠᠯ᠂ ᠳᠠᠶᠢᠨ ᠤ ᠲᠠᠯᠠᠪᠤᠷ ᠤᠨ ᠪᠠᠶᠢᠳᠠᠯ᠂ ᠳᠠᠶᠢᠨ ᠤ ᠥᠩᠭᠡᠷᠡᠯᠲᠡ ᠶᠢ ᠨᠠᠷᠢᠯᠢᠭ ᠳᠦᠷᠰᠦᠯᠡᠨ ᠲᠣᠭᠠᠴᠢᠵᠤ᠂ ᠰᠠᠪᠦ᠋ᠷᠦᠪ ᠂ ᠮᠡᠰᠯᠧᠠᠨᠢᠺᠤᠪ ᠂ ᠫᠷᠣᠼᠧᠨᠺᠦ ᠵᠡᠷᠭᠡ ᠣᠯᠠᠨ ᠤᠯᠠᠭᠠᠨ ᠴᠠᠷᠢᠭ᠌ ᠤᠨ ᠳᠠᠷᠤᠭ᠎ᠠ ᠪᠠᠶᠢᠯᠳᠤᠭᠴᠢ ᠶᠢᠨ ᠡᠷᠡᠯᠬᠡᠭ ᠪᠠᠭᠠᠲᠤᠷᠯᠢᠭ ᠭᠡᠪ ᠲᠥᠷᠬᠦ ᠶᠢ ᠱᠣᠭᠣᠵᠤ ᠪᠦᠲᠦᠭᠡᠭᠰᠡᠨ ᠢᠶᠡᠷ ᠥᠯᠥ ᠪᠠᠷᠠᠮ᠂ ᠲᠤᠬᠠᠢ ᠶᠢᠨ ᠦᠶ᠎ᠡ ᠳ᠋ᠠᠬᠢ ᠵᠥᠪᠯᠡᠯᠲᠦ ᠶᠢᠨ ᠤᠯᠠᠭᠠᠨ ᠴᠠᠷᠢᠭ᠌ ᠤᠨ ᠹᠠᠱᠢᠰ ᠤᠨ ᠲᠦᠷᠢᠮᠡᠬᠡᠶᠢᠯᠡᠯ ᠢ ᠡᠰᠡᠷᠭᠦᠴᠡᠵᠦ᠂ ᠡᠭᠡ ᠣᠷᠣᠨ ᠢᠶᠠᠨ ᠬᠠᠮᠠᠭᠠᠯᠠᠬᠤ᠂ ᠡᠷᠬᠡ ᠴᠢᠯᠦᠭᠡ᠂ ᠡᠩᠬᠡ ᠲᠠᠶᠢᠪᠤᠩ ᠠᠮᠢᠳᠤᠷᠠᠯ ᠢᠶᠠᠨ ᠬᠠᠮᠠᠭᠠᠯᠠᠬᠤ ᠶᠢᠨ ᠳᠥᠯᠥᠭᠡ ᠡᠷᠬᠢᠮ ᠠᠮᠢ ᠪᠡᠨ ᠵᠣᠷᠢᠭᠤᠯᠬᠤ ᠠᠴᠠ ᠴᠤ ᠲᠠᠲᠠᠭᠠᠯᠵᠠᠬᠤ ᠦᠭᠡᠢ ᠡᠷᠡᠮᠡᠭᠡᠢ ᠵᠣᠷᠢᠭ ᠢ ᠵᠢᠷᠤᠭᠯᠠᠭᠰᠠᠨ ᠶᠤᠮ᠃ ᠲᠣᠰ ᠷᠣᠮᠠᠨ ᠨᠢ ᠳᠠᠶᠢᠨ ᠤ ᠰᠡᠳᠦᠪᠲᠦ ᠤᠷᠠᠨ ᠪᠦᠲᠦᠭᠡᠯ ᠪᠣᠯᠤᠭᠰᠠᠨ ᠤ ᠬᠤᠪᠢ ᠳᠤ ᠥᠪᠡᠷ ᠦᠨ ᠭᠡᠰᠡᠨ ᠠᠭᠤᠯᠭ᠎ᠠ ᠬᠢᠭᠡᠳ ᠭᠡᠪ ᠨᠠᠮᠪᠠ ᠲᠠᠢ᠃ ᠠᠭᠤᠯᠭ᠎ᠠ ᠶᠢᠨ ᠬᠤᠪᠢ ᠳᠤ ᠤᠩᠰᠢᠭᠴᠢᠳ ᠲᠤ ᠰᠢᠳᠤᠷᠭᠤ ᠶᠣᠰᠣᠨ ᠢ ᠬᠠᠮᠠᠭᠠᠯᠠᠵᠤ᠂ ᠲᠡᠷᠰᠯᠡᠭᠦᠦ ᠮᠠᠭᠤ ᠲᠠᠢ ᠲᠡᠮᠡᠴᠡᠬᠦ ᠬᠦᠴᠦᠨ ᠴᠢᠳᠠᠯ ᠢ ᠣᠯᠭᠤᠵᠤ ᠴᠢᠳᠠᠳᠠᠭ᠃ ᠡᠨᠡ ᠨᠢ ᠶᠣᠰᠣ ᠰᠤᠷᠲᠠᠬᠤᠨ ᠢᠶᠠᠷ ᠭᠣᠣᠯ ᠰᠡᠳᠦᠪ ᠪᠣᠯᠭᠠᠭᠰᠠᠨ ᠥᠨᠥᠳᠥᠷ ᠲᠡᠢ ᠮᠥᠨ ᠤᠶᠠᠯᠳᠤᠵᠤ ᠴᠢᠳᠠᠳᠠᠭ᠃ ᠭᠡᠪ ᠨᠠᠮᠪᠠ ᠶᠢᠨ ᠬᠤᠪᠢ ᠳᠤ ᠠᠪᠴᠤ ᠬᠡᠯᠡᠪᠡᠯ᠂ ᠳᠠᠶᠢᠨ ᠪᠠᠶᠢᠯᠳᠤᠭᠠᠨ ᠤ ᠲᠠᠯᠠᠪᠤᠷ ᠳᠠᠬᠢ ᠬᠠᠷᠠᠰᠠᠯᠲᠤ ᠪᠠᠶᠢᠳᠠᠯ ᠪᠠ ᠳᠠᠶᠢᠨ ᠤ ᠬᠠᠳᠠᠭᠤ ᠰᠢᠷᠦᠭᠦᠨ ᠪᠠᠶᠢᠳᠠᠯ ᠨᠢ ᠡᠷᠡᠯᠬᠡᠭ ᠪᠠᠭᠠᠲᠤᠷᠯᠢᠭ ᠴᠠᠷᠢᠭ᠌ ᠪᠠᠶᠢᠯᠳᠤᠭᠴᠢᠳ ᠤᠨ ᠭᠡᠪ ᠲᠥᠷᠬᠥ ᠶᠢ ᠳᠣᠪᠣᠶᠢᠯᠭᠠᠬᠤ ᠲᠠᠢ ᠮᠥᠨ ᠤᠶᠠᠯᠳᠤᠵᠤ ᠴᠢᠳᠠᠭᠰᠠᠨ ᠪᠠᠶᠢᠨ᠎ᠠ᠃

    ᠳᠠᠶᠢᠨ ᠪᠠᠶᠢᠯᠳᠤᠭᠠᠨ ᠤ ᠲᠠᠯᠠᠪᠤᠷ ᠳᠠᠬᠢ ᠡᠮᠡᠭᠲᠡᠢ ᠪᠠᠭᠠᠲᠤᠷ ᠠᠨᠢᠶᠠ ᠶᠢᠨ ᠳᠦᠷᠢ ᠶᠢ ᠴᠤ ᠰᠠᠶᠢᠬᠠᠨ ᠪᠦᠲᠦᠭᠡᠵᠦ ᠴᠢᠳᠠᠭᠰᠠᠨ ᠶᠤᠮ᠃ ᠷᠣᠮᠠᠨ ᠳᠤ ᠰᠠᠪᠦ᠋ᠷᠦᠪ ᠪᠣᠯᠤᠨ ᠠᠨᠢᠶᠠ (ᠰᠤᠪᠢᠯᠠᠭᠴᠢ) ᠶᠢᠨ ᠳᠠᠶᠢᠨ ᠤ ᠲᠠᠯᠠᠪᠤᠷ ᠳᠠᠬᠢ ᠬᠠᠶᠢᠷ᠎ᠠ ᠰᠡᠳᠬᠢᠯᠭᠡ ᠪᠡᠷ ᠰᠢᠵᠢᠮᠯᠡᠵᠦ᠂ ᠲᠠᠳᠠ ᠬᠣᠶᠠᠭᠤᠯᠠ ᠶᠢᠨ ᠳᠠᠶᠢᠨ ᠤ ᠲᠠᠯᠠᠪᠤᠷ ᠲᠤ ᠶᠠᠭᠠᠷᠠᠵᠤ ᠬᠠᠶᠡ ᠨᠢᠭᠡ ᠣᠯᠵᠤ ᠤᠴᠠᠷᠠᠬᠤ ᠪᠠ ᠠᠨᠢᠶᠠ ᠶᠢᠨ ᠳᠠᠶᠢᠨ ᠤ ᠲᠠᠯᠠᠪᠤᠷ ᠲᠤ ᠬᠦᠨᠳᠦ ᠰᠢᠷᠬᠠᠲᠤᠭᠰᠠᠨ ᠪᠠ ᠠᠮᠢ ᠨᠢ ᠭᠠᠷᠬᠤ ᠳᠤ ᠬᠡᠴᠡᠭᠦᠦ ᠪᠣᠯᠤᠭᠰᠠᠨ ᠦᠵᠡᠮᠵᠢ ᠵᠢᠷᠤᠭᠯᠠᠯ ᠢ ᠳᠦᠷᠰᠦᠯᠡᠬᠦ ᠪᠡᠷ ᠳᠠᠮᠵᠢᠨ ᠵᠥᠪᠯᠡᠯᠲᠦ ᠶᠢᠨ ᠠᠭᠤᠤ ᠶᠡᠬᠡ ᠴᠢᠯᠦᠭᠡᠯᠡᠯᠲᠡ ᠶᠢᠨ ᠳᠠᠶᠢᠨ ᠤ ᠳᠥᠯᠦᠭᠡ ᠥᠪᠡᠷ ᠦᠨ ᠠᠯᠢᠪᠠ ᠪᠠᠨ ᠵᠣᠷᠢᠭᠤᠯᠤᠭᠰᠠᠨ ᠪᠠᠭᠠᠲᠤᠷᠴᠤᠳ ᠤᠨ ᠵᠣᠷᠢᠭ ᠰᠠᠨᠠᠭ᠎ᠠ ᠶᠢ ᠮᠠᠭᠲᠠᠨ ᠳᠠᠭᠤᠯᠠᠭᠰᠠᠨ ᠪᠠᠶᠢᠨ᠎ᠠ᠃ 《ᠡᠳᠦᠷᠵᠢᠨ ᠰᠥᠨᠢᠵᠢᠨ》ᠬᠡᠮᠡᠬᠦ ᠨᠣᠮ ᠪᠣᠯ ᠰᠲ᠋ᠠᠯᠢᠩᠭᠷᠠᠳ᠋ ᠍ ᠤᠨ ᠳᠥᠯᠦᠭᠡ ᠲᠤᠯᠤᠯᠳᠤᠭᠠᠨ ᠳᠤ ᠠᠮᠢ ᠦᠷᠡᠭᠳᠡᠭᠰᠡᠳ ᠦᠨ ᠳᠤᠷᠠᠰᠬᠠᠯ ᠳᠤ ᠵᠣᠷᠢᠭᠤᠯᠠᠨ ᠪᠢᠴᠢᠭᠰᠡᠨ ᠨᠣᠮ ᠪᠣᠯᠬᠤ ᠶᠤᠮ᠃

    ᠰᠲ᠋ᠠᠯᠢᠩᠭᠷᠠᠳ᠋ ᠍ ᠤᠨ ᠳᠠᠶᠢᠨ ᠪᠣᠯ ᠳᠡᠯᠡᠬᠡᠢ ᠶᠢᠨ ᠬᠣᠶᠠᠳᠤᠭᠠᠷ ᠳᠠᠶᠢᠨ ᠤ ᠴᠢᠬᠤᠯᠠ ᠪᠠᠶᠢᠯᠳᠤᠭᠠᠨ ᠤ ᠨᠢᠭᠡ ᠮᠥᠨ᠂ ᠲᠣᠰ ᠳᠠᠶᠢᠨ ᠨᠢ ᠵᠥᠪᠯᠡᠯᠲᠦ ᠶᠢᠨ ᠤᠯᠠᠭᠠᠨ ᠴᠠᠷᠢᠭ᠌ ᠲᠤ ᠠᠪᠴᠤ ᠬᠡᠯᠡᠪᠡᠯ ᠡᠷᠭᠢᠯᠲᠡ ᠶᠢᠨ ᠴᠢᠨᠠᠷᠲᠠᠢ ᠠᠴᠢ ᠬᠣᠯᠪᠣᠭᠳᠠᠯ ᠲᠠᠢ ᠪᠠᠶᠢᠳᠠᠭ᠃ ᠪᠢᠳᠡ ᠡᠨᠡ ᠬᠥ ᠪᠦᠲᠦᠭᠡᠯ ᠡᠴᠡ ᠰᠲ᠋ᠠᠯᠢᠩᠭᠷᠠᠳ᠋ ᠍ ᠤᠨ ᠪᠠᠶᠢᠯᠳᠤᠭᠠᠨ ᠤ ᠰᠥᠷ ᠳᠠᠯᠠᠶᠢᠴᠠᠲᠠᠢ᠂ ᠥᠷᠨᠢᠭᠦᠨ ᠬᠥᠭᠵᠢᠩᠭᠦᠢ ᠪᠠᠶᠢᠳᠠᠯ ᠬᠢᠭᠡᠳ ᠵᠥᠪᠯᠡᠯᠲᠦ ᠶᠢᠨ ᠠᠷᠠᠳ ᠲᠦᠮᠡᠨ ᠪᠠ ᠴᠠᠷᠢᠭ᠌ ᠪᠠᠶᠢᠯᠳᠤᠭᠴᠢ ᠶᠢᠨ ᠹᠠᠱᠢᠰ ᠢ ᠡᠰᠡᠷᠭᠦᠴᠡᠬᠦ ᠠᠭᠤᠤ ᠶᠡᠬᠡ ᠦᠢᠯᠡ ᠠᠵᠢᠯᠯᠠᠭ᠎ᠠ ᠶᠢ ᠮᠠᠳᠠᠵᠤ ᠳᠡᠶᠢᠯᠦᠨ᠎ᠡ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119637013