蒙古文网站Logo
ᠰᠢᠨᠬᠤᠸᠠ ᠮᠤᠩᠭ᠋ᠤᠯ ᠨᠧᠲ

ᠪᠠᠭᠠᠴᠤᠳ ᠬᠡᠤᠬᠡᠳ  ᠲᠤ  ᠪᠡᠨ ᠦᠪᠯᠡᠭᠰᠡᠨ ᠤᠯᠠᠮᠵᠢᠯᠠᠯᠳᠤ ᠰᠤᠶᠤᠯ  ᠤᠨ ᠤᠩᠰᠢᠭᠤ - 《 ᠪᠠᠭᠠᠴᠤᠳ ᠬᠡᠤᠬᠡᠳ ᠲᠥ ᠵᠤᠷᠢᠭᠤᠯᠤᠭᠰᠡᠨ ᠮᠤᠩᠭ᠋ᠤᠯ ᠦᠨᠳᠦᠰᠤᠲᠡᠨ ᠤ ᠤᠯᠠᠮᠵᠢᠯᠠᠯᠲᠦ ᠰᠤᠶᠤᠯ  ᠤᠨ ᠤᠩᠰᠢᠬᠤ ᠪᠢᠴᠢᠭ᠌》

2016-09-28 16:30

    ᠰᠢᠨᠬᠤᠧᠠ ᠮᠤᠩᠭ᠋ᠤᠯ ᠨᠧᠲ  ᠬᠦᠬᠡᠬᠤᠲᠠ ᠶᠢᠨ 9 ᠰᠠᠷ᠎ᠠ ᠶᠢᠨ 28 ᠤ ᠡᠳᠦᠷ ᠤᠨ ᠴᠠᠬᠢᠯᠭᠠᠨ ᠮᠡᠳᠡᠭᠡ (ᠪᠤᠯᠤᠷᠴᠡᠴᠡᠭ᠂ ᠰᠢᠭᠤᠷᠭᠠᠨ) ᠠᠯᠳᠠᠨ ᠨᠠᠮᠤᠷ ᠤᠨ ᠰᠢᠷᠭᠠᠯ ᠡᠳᠦᠷ ᠤᠳ ᠲᠤ ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶ᠎ᠠ ᠪᠡᠷ ᠰᠤᠷᠪᠤᠯᠵᠢᠯᠠᠨ ᠶᠠᠪᠤᠬᠤ ᠳᠤ᠂ ᠳᠤᠰ ᠬᠡᠪᠯᠡᠯ ᠤᠨ ᠬᠤᠷᠢᠶᠠᠨ ᠤ ᠮᠤᠩ᠋ᠭᠤᠯ ᠨᠤᠮ ᠪᠢᠴᠢᠭ᠌ ᠨᠠᠶᠢᠷᠠᠭᠤᠯᠬᠤ ᠬᠡᠯᠳᠡᠰ ᠤᠨ ᠡᠷᠬᠢᠯᠡᠭᠴᠢ ᠬᠠᠷᠠᠪᠠᠷᠰ ᠭᠤᠧᠠᠢ ᠨᠢᠭᠡ ᠢᠵᠢ ᠵᠢᠷᠤᠭ ᠰᠡᠭᠦᠳᠡᠷ ᠬᠠᠪᠰᠤᠷᠭᠠᠭᠰᠡᠨ《ᠪᠠᠭᠠᠴᠤᠳ ᠬᠡᠤᠬᠡᠳ ᠲᠥ ᠵᠤᠷᠢᠭᠤᠯᠤᠭᠰᠡᠨ ᠮᠤᠩᠭᠤᠯ ᠦᠨᠳᠦᠰᠤᠲᠡᠨ ᠤ ᠤᠯᠠᠮᠵᠢᠯᠠᠯᠲᠦ ᠰᠤᠶᠤᠯ ᠤᠨ ᠤᠩᠰᠢᠬᠤ ᠪᠢᠴᠢᠭ᠌》 ᠢ ᠪᠡᠨ ᠪᠢᠳᠡᠨᠡᠷ ᠲᠤ ᠲᠠᠨᠢᠯᠴᠠᠭᠤᠯᠤᠯ᠎ᠠ᠃

    ᠮᠤᠩᠭ᠋ᠤᠯ ᠦᠨᠳᠦᠰᠦᠲᠡᠨ ᠪᠤᠯ ᠦᠨᠢ ᠤᠳᠠᠭᠠᠨ ᠰᠤᠶᠤᠯ ᠪᠤᠯᠪᠠᠰᠤᠨ ᠳᠡᠤᠬᠡ ᠲᠠᠢ ᠰᠠᠨ᠃ ᠮᠤᠩᠭᠤᠯᠴᠤᠳ ᠤᠨ ᠤᠷᠲᠦ ᠤᠳᠠᠭᠠᠨ ᠳᠡᠤᠬᠡᠨ ᠠᠶᠠᠯᠠᠯ ᠳ᠋ᠤ ᠪᠦᠷᠢᠯᠳᠦᠭᠦᠯᠦᠭᠰᠡᠨ ᠰᠤᠶᠤᠯ ᠳᠡᠤᠬᠡ ᠶᠢᠨ ᠥᠪ ᠪᠤᠯ ᠦᠶ᠎ᠠ ᠶᠢᠨ ᠦᠶ᠎ᠠ ᠳ᠋ᠤ ᠪᠡᠨ ᠤᠯᠠᠮᠵᠢᠯᠠᠬᠤ ᠦᠨ᠎ᠠ ᠥᠷᠲᠡᠭ ᠲᠠᠢ ᠡᠷᠬᠢᠮ ᠨᠠᠨᠳᠢᠨ ᠬᠦᠷᠦᠩᠭᠡ ᠪᠢᠯᠡ᠃ ᠠᠵᠢᠯᠴᠢ ᠪᠤᠷᠤᠭᠵᠢᠭᠤᠨ᠂ ᠠᠰᠪᠤᠷᠢ ᠴᠠᠶᠢᠯᠭᠠᠨ᠂ ᠦᠨᠡᠨᠴᠢ ᠰᠢᠳᠤᠷᠭᠤ ᠵᠠᠩ ᠰᠤᠷᠲᠠᠯ᠂ ᠴᠦᠬᠦᠷᠡᠯ ᠦᠭᠡᠢ ᠲᠡᠮᠡᠴᠡᠬᠦ ᠵᠤᠷᠢᠭ ᠰᠠᠨᠠᠭ᠎ᠠ ᠨᠢ ᠦᠷ᠎ᠡ ᠬᠤᠶᠢᠴᠢᠰ ᠤᠨ ᠢᠶᠡᠨ ᠤᠢ ᠤᠶᠤᠨ ᠤ ᠭᠡᠷᠡᠯᠲᠦ ᠵᠤᠯᠠ᠂ ᠦᠢᠯᠡᠰ ᠠᠮᠢᠳᠤᠷᠠᠯ ᠤᠨ ᠬᠢᠨ ᠠᠯᠲᠠᠨ ᠵᠢᠯᠤᠭᠤ ᠪᠤᠯᠤᠭᠰᠠᠭᠠᠷ ᠭᠡᠳᠡᠭ ᠢ ᠤᠯᠠᠨ ᠵᠠᠭᠤᠨ ᠤ ᠤᠯᠠ ᠮᠦᠷ ᠳᠤᠷᠠᠶᠢᠲᠠᠯ᠎ᠠ ᠭᠡᠷᠡᠴᠢᠯᠡᠵᠦ ᠪᠤᠢ᠃ ᠮᠤᠩᠭᠤᠯᠴᠤᠳ ᠬᠡᠵᠢᠶ᠎ᠠ ᠬᠠᠮᠢᠭ᠎ᠠ ᠬᠦᠷᠴᠦ᠂ ᠶᠠᠮᠠᠷ ᠨᠦᠭᠦᠴᠡᠯ ᠲᠥᠪᠡᠭ᠍ᠳᠡᠯ ᠲᠤᠯᠭᠠᠷᠠᠭᠰᠡᠨ ᠴᠦ ᠳᠡᠭᠡᠳᠦ ᠡᠴᠡ ᠰᠤᠷᠭᠠᠭᠰᠡᠨ ᠶᠤᠰᠤ᠂ ᠳᠠᠶᠠᠭᠠᠷ ᠢᠶᠡᠨ ᠵᠢᠷᠤᠮᠯᠠᠭᠰᠡᠨ ᠰᠤᠷᠲᠠᠯ ᠢᠶᠡᠨ ᠡᠷᠬᠢᠮᠯᠡᠨ ᠰᠤᠷᠲᠠᠯᠴᠢᠯᠠᠵᠦ᠂ ᠤᠶᠤᠨ ᠰᠠᠨᠠᠭᠠᠨ ᠤ ᠰᠦᠭ ᠰᠦᠯᠳᠡ ᠪᠡᠨ ᠪᠤᠯᠭᠠᠳᠠᠭ᠃

    ᠨᠡᠶᠢᠭᠡᠮ ᠤᠨ ᠬᠦᠭ᠍ᠵᠢᠯᠲᠡ ᠴᠠᠭ ᠦᠶ᠎ᠠ ᠶᠢᠨ ᠨᠦᠬᠦᠴᠡᠯ ᠡᠴᠡ ᠪᠤᠯᠵᠦ ᠬᠡᠤᠬᠡᠳ ᠪᠠᠭᠠᠴᠤᠳ ᠲᠥ ᠤᠯᠠᠮᠵᠢᠯᠠᠯᠲᠦ ᠰᠤᠶᠤᠯ ᠤᠨ ᠬᠦᠮᠦᠵᠢᠯ ᠬᠤᠮᠰᠠᠳᠠᠵᠦ᠂ ᠪᠤᠲᠠᠳᠠᠢ ᠲᠠᠶᠢᠯᠤᠮᠵᠢ ᠬᠦᠷᠲᠡᠬᠦ ᠪᠤᠯᠤᠯᠴᠠᠭ᠎ᠠ ᠢᠪᠴᠤᠷᠠᠵᠦ᠂ ᠵᠠᠷᠢᠮ ᠵᠦᠢᠯᠡᠰ ᠨᠢ ᠮᠠᠷᠲᠠᠭᠳᠠᠨ ᠭᠡᠭᠡᠭ᠍ᠳᠡᠬᠦ ᠳᠤ ᠬᠦᠷᠴᠠᠢ᠃ ᠡᠶᠢᠨᠬᠦ ᠡᠪᠦᠭᠡ ᠳᠡᠭᠡᠳᠦᠰ ᠡᠴᠡ ᠥᠪᠯᠡᠭᠰᠡᠨ ᠡᠷᠬᠢᠮ ᠳᠡᠭᠡᠳᠦ ᠶᠤᠰᠤ ᠵᠠᠩᠰᠢᠯ ᠢᠶᠨᠨ ᠦᠷ᠎ᠠ ᠬᠡᠤᠬᠡᠳ ᠲᠥ ᠪᠠᠨ ᠤᠯᠠᠮᠵᠢᠯᠠᠵᠦ᠂ ᠡᠬᠡ ᠰᠤᠶᠤᠯ ᠳ᠋ᠤ ᠪᠡᠨ ᠥᠴᠦᠬᠡᠨ ᠴᠦ ᠭᠡᠰᠡᠨ ᠬᠤᠪᠢ ᠬᠠᠨᠳᠢᠪ ᠢᠶᠡᠨ ᠦᠵᠡᠭᠦᠯᠬᠦ ᠵᠤᠷᠢᠯᠲᠠ ᠲᠠᠢ ᠪᠡᠷ ᠨᠢᠭᠡ ᠢᠵᠢ ᠵᠢᠷᠤᠭ ᠰᠡᠭᠦᠳᠡᠷ ᠬᠠᠪᠰᠤᠷᠭᠠᠭᠰᠡᠨ《ᠪᠠᠭᠠᠴᠤᠳ ᠬᠡᠤᠬᠡᠳ ᠲᠥ ᠵᠤᠷᠢᠭᠤᠯᠤᠭᠰᠡᠨ ᠮᠤᠩᠭᠤᠯ ᠦᠨᠳᠦᠰᠤᠲᠡᠨ ᠤ ᠤᠯᠠᠮᠵᠢᠯᠠᠯᠲᠦ ᠰᠤᠶᠤᠯ ᠤᠨ ᠤᠩᠰᠢᠬᠤ ᠪᠢᠴᠢᠭ᠌》  ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠡᠴᠡ ᠬᠡᠪᠯᠡᠭᠳᠡᠵᠡᠢ᠃ ᠳᠤᠰ ᠨᠤᠮ  ᠨᠢ 《ᠮᠤᠩᠭᠤᠯ ᠭᠡᠷ》᠂ 《ᠮᠤᠩᠭᠤᠯ ᠮᠤᠷᠢ》᠂《ᠲᠠᠪᠤᠨ ᠬᠤᠰᠢᠭᠤ ᠮᠠᠯ》᠂《ᠬᠠᠰᠠᠭ ᠲᠡᠷᠭᠡ》᠂《ᠮᠤᠩᠭᠤᠯ ᠬᠤᠪᠴᠠᠰᠦ ᠵᠠᠰᠠᠯ》᠂《ᠮᠤᠩᠭᠤᠯ ᠢᠳᠡᠭᠡᠨ ᠤᠮᠳᠠᠭᠠᠨ》᠂《ᠮᠤᠩᠭᠤᠯᠴᠤᠳ ᠤᠨ ᠭᠡᠷ ᠤᠨ ᠰᠤᠷᠭᠠᠯ》᠂《ᠮᠤᠩᠭᠤᠯ ᠵᠠᠩ ᠰᠤᠶᠤᠯ》᠂《ᠮᠤᠩᠭᠤᠯ ᠬᠡ ᠤᠭᠠᠯᠵᠠ》᠂《ᠮᠤᠩᠭᠤᠯ ᠤᠷᠠᠨ ᠲᠤᠭᠯᠠᠭᠠᠮ》 ᠵᠡᠷᠭᠡ ᠠᠷᠪᠠᠨ ᠳᠡᠪᠲᠡᠷ ᠢ ᠪᠠᠭᠲᠠᠭᠠᠭᠰᠠᠨ ᠪᠠᠶᠢᠨ᠎ᠠ᠃

    ᠨᠤᠮ ᠳᠦ ᠵᠤᠬᠢᠶᠠᠭᠴᠢ ᠨ᠂ ᠵᠢᠷᠭᠠᠯ ᠭᠤᠧᠠᠢ ᠥᠪᠦᠷ ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶ᠎ᠠ ᠶᠢᠨ ᠨᠠᠶᠢᠳᠠᠯᠭ᠎ᠠ ᠬᠠᠮᠵᠢᠯᠭ᠎ᠠ ᠪᠡᠷ ᠬᠡᠳᠦᠨ ᠵᠢᠯ ᠤᠨ ᠴᠠᠭ ᠢ ᠵᠠᠷᠤᠴᠠᠭᠤᠯᠤᠨ ᠠᠯᠢ ᠤᠯᠠᠨ ᠡᠷᠲᠡ ᠡᠳᠦᠭᠡ ᠶᠢᠨ ᠨᠤᠮ ᠪᠢᠴᠢᠭ᠌᠂ ᠳᠤᠲᠤᠭᠠᠳᠦ ᠭᠠᠳᠠᠭᠠᠳᠦ ᠶᠢᠨ ᠮᠤᠩᠭᠤᠯ ᠦᠨᠳᠦᠰᠦᠲᠡᠨ ᠤ ᠤᠯᠠᠮᠵᠢᠯᠯᠲᠦ ᠰᠤᠶᠤᠯ ᠤᠨ ᠲᠤᠬᠠᠢ ᠨᠤᠮ ᠳᠡᠪᠲᠡᠷ ᠡᠴᠡ ᠰᠡᠳᠦᠪ ᠮᠠᠲ᠋ᠧᠷᠢᠶᠠᠯ ᠡᠷᠢᠯᠬᠢᠯᠡᠬᠦ ᠶᠢᠨ ᠬᠠᠮᠲᠦ ᠠᠬᠠᠮᠡᠳ ᠪᠤᠭᠤᠷᠤᠯᠴᠤᠳ᠂ ᠡᠷᠳᠡᠮᠲᠡᠨ ᠮᠡᠷᠭᠡᠳ ᠡᠴᠡ ᠠᠰᠠᠭᠤᠨ ᠰᠤᠷᠠᠭᠯᠠᠵᠦ᠂ ᠮᠠᠯᠴᠢᠨ ᠠᠶᠢᠯ ᠡᠷᠦᠬᠡ ᠪᠡᠷ ᠰᠤᠷᠪᠤᠯᠵᠢᠯᠠᠨ ᠵᠢᠷᠤᠭ ᠰᠡᠭᠦᠳᠡᠷ᠂ ᠡᠳ᠋ᠯᠡᠯ ᠬᠡᠷᠡᠭᠰᠡᠯ ᠢ ᠡᠮᠬᠢᠯᠡᠨ ᠲᠤᠰ ᠢᠵᠢ ᠨᠤᠮ ᠢ ᠲᠤᠭᠤᠷᠪᠢᠵᠠᠢ᠃ ᠨᠤᠮ ᠳ᠋ᠤ ᠡᠩ ᠤᠨ ᠮᠡᠳᠡᠯᠭᠡ ᠶᠢ ᠳᠤᠪᠤᠶᠢᠯᠭᠠᠵᠦ᠂ ᠪᠠᠭ᠎ᠠ ᠰᠤᠷᠭᠠᠭᠤᠯᠢ ᠬᠢᠭᠡᠳ ᠠᠩᠬ᠎ᠠ ᠳᠤᠮᠳᠠᠳᠤ ᠶᠢᠨ ᠰᠤᠷᠤᠬᠴᠢᠳ ᠲᠦ ᠤᠩᠰᠢᠭᠤᠯᠬᠤ ᠪᠡᠷ ᠬᠠᠷᠠᠯᠲᠠ ᠪᠤᠯᠭᠠᠵᠦ᠂ ᠲᠤᠪᠴᠢ ᠠᠪᠰᠠᠷᠬᠠᠨ ᠲᠠᠶᠢᠯᠪᠤᠷᠢ ᠪᠠ ᠵᠢᠷᠤᠭ ᠰᠡᠭᠦᠳᠡᠷ ᠢ ᠬᠠᠪᠰᠤᠷᠭᠠᠵᠦ᠂ ᠮᠡᠳᠡᠵᠦ ᠤᠶᠢᠯᠠᠭᠠᠬᠤ ᠳ᠋ᠤ ᠳᠥᠭᠦᠮ᠂ ᠴᠡᠭᠡᠵᠢᠯᠡᠬᠦ ᠳ᠋ᠤ ᠬᠢᠯᠪᠠᠷ᠂ ᠤᠩᠰᠢᠬᠤ ᠳ᠋ᠤ ᠢᠯᠭᠤᠮ ᠵᠡᠷᠭᠡ ᠶᠢ ᠠᠩᠬᠠᠷᠤᠭᠰᠡᠨ ᠢᠶᠡᠷ ᠪᠠᠷᠠᠬᠤ ᠦᠭᠡᠢ᠂ ᠰᠤᠷᠬᠤ ᠨᠠᠰᠤᠨ ᠡᠴᠡ ᠡᠮᠦᠨᠡᠬᠢ ᠬᠡᠤᠬᠡᠳ ᠢ ᠴᠦ ᠪᠤᠳᠤᠯᠬᠢᠯᠠᠨ ᠤᠨᠴᠠᠯᠢᠭ ᠲᠥ ᠨᠢ ᠨᠡᠶᠢᠴᠡᠭᠦᠯᠬᠦ ᠶᠢ ᠬᠢᠴᠢᠶᠡᠪᠡ᠃

    《ᠮᠠᠨ ᠤ ᠨᠠᠶᠢᠷᠠᠭᠤᠯᠬᠤ ᠴᠠᠭ ᠪᠠᠴᠢᠮ᠂ ᠮᠠᠲ᠋ᠧᠷᠢᠶᠠᠯ ᠬᠤᠪᠤᠷ᠂ ᠮᠡᠳᠡᠯᠭᠡ ᠶᠢᠨ ᠬᠡᠪᠴᠢᠶ᠎ᠠ ᠬᠢᠵᠠᠭᠠᠷ ᠲᠠᠢ ᠪᠤᠯᠬᠤᠷ ᠮᠤᠩᠭᠤᠯ ᠦᠨᠳᠦᠰᠦᠲᠡᠨ ᠤ ᠤᠯᠠᠮᠵᠢᠯᠠᠯᠲᠦ ᠰᠤᠶᠤᠯ ᠤᠨ ᠪᠦᠬᠦᠶᠢᠯᠡ ᠠᠭᠤᠯᠭ᠎ᠠ ᠶᠢ ᠪᠠᠭᠲᠠᠭᠠᠨ ᠪᠢᠴᠢᠬᠦ ᠨᠢ ᠪᠡᠷᠬᠡ ᠬᠠᠲᠠᠭᠤᠵᠢᠯᠲᠠᠢ ᠠᠵᠢᠯ ᠶᠤᠮ᠃ ᠮᠠᠨᠤᠰ ᠠᠯᠢ ᠪᠦᠬᠦᠢ ᠠᠭᠤᠯᠭ᠎ᠠ ᠶᠢ ᠬᠠᠮᠤᠷᠬᠤ ᠪᠡᠷ ᠴᠢᠷᠮᠠᠶᠢᠬᠰᠡᠨ ᠪᠤᠯᠪᠠᠴᠤ ᠠᠩᠬ᠎ᠠ ᠤᠳᠠᠭ᠎ᠠ ᠲᠤᠷᠰᠢᠨ ᠰᠡᠳᠦᠵᠦ ᠨᠠᠶᠢᠷᠠᠭᠤᠯᠤᠭᠰᠡᠨ ᠤᠴᠢᠷ ᠡᠴᠡ ᠬᠡᠯᠡ ᠬᠡᠯᠡᠯᠭᠡ᠂ ᠵᠤᠬᠢᠶᠠᠮᠵᠢ᠂ ᠮᠡᠳᠡᠯᠭᠡ ᠶᠢᠨ ᠴᠢᠨᠠᠷ ᠤᠨ ᠲᠠᠯ᠎ᠠ ᠪᠡᠷ ᠰᠠᠨᠠᠭ᠎ᠠ ᠪᠠᠶᠢᠬᠰᠡᠨ ᠴᠦ ᠤᠨᠤᠭ᠎ᠠ ᠬᠦᠷᠦᠭᠰᠡᠨ ᠦᠭᠡᠢ ᠵᠦᠢᠯᠡᠰ ᠬᠠᠷᠠᠭᠳᠠᠬᠤ ᠨᠢ ᠮᠡᠳᠡᠭᠡᠵᠢ᠃ ᠡᠷᠳᠡᠮᠲᠡᠳ ᠮᠡᠷᠭᠡᠳ᠂ ᠠᠬᠠᠮᠡᠳ ᠲᠤᠮᠤᠭᠠᠲᠠᠳ ᠮᠠᠨᠢ ᠡᠷᠭᠢᠴᠡᠭᠦᠯᠦᠨ ᠲᠤᠩᠭᠠᠵᠦ᠂ ᠬᠢᠨᠠᠨ ᠦᠵᠡᠭᠡᠳ ᠰᠠᠨᠠᠯ ᠰᠤᠷᠭᠠᠯ ᠢᠶᠡᠨ ᠡᠷᠡᠭᠡᠯᠡᠯ ᠦᠭᠡᠢ ᠬᠠᠶᠢᠷᠠᠯᠠᠵᠦ᠂ ᠬᠤᠵᠢᠮ ᠤᠨ ᠠᠵᠢᠯ ᠳ᠋ᠤ ᠬᠢᠨᠠᠠᠯᠲᠠ ᠳᠤᠰᠠᠯᠠᠮᠵᠢ ᠪᠤᠯᠭᠠᠬᠤ ᠶᠢ ᠬᠦᠰᠡᠨ᠎ᠠ᠃ ᠨᠤᠲᠤᠭ ᠤᠨ ᠬᠡᠯᠡ ᠬᠡᠯᠡᠯᠭᠡ᠂ ᠠᠶᠠᠯᠭᠤ ᠤᠯᠠᠨ ᠶᠠᠩᠵᠦ ᠶᠢᠨ ᠨᠡᠷᠡᠶᠢᠳᠤᠯ ᠳᠠᠭᠤᠳᠠᠯᠭ᠎ᠠ ᠲᠠᠢ ᠪᠤᠯᠬᠤᠷ ᠵᠦᠷᠢᠶ᠎ᠠ ᠲᠠᠢ ᠵᠦᠢᠯᠡᠰ ᠪᠠᠶᠢᠬᠤ ᠨᠢ ᠯᠠᠪᠲᠠᠢ᠃ ᠲᠤᠰ ᠨᠤᠮ ᠤᠨ ᠵᠤᠬᠢᠶᠠᠭᠴᠢ ᠥᠪᠡᠷ ᠤᠨ ᠰᠠᠶᠢᠨ ᠮᠡᠳᠡᠳᠡᠭ ᠠᠷᠤ ᠬᠤᠷᠴᠢᠨ ᠨᠤᠲᠤᠭ ᠡᠴᠡ ᠤᠯᠳᠠᠭᠰᠡᠨ ᠨᠡᠷᠡᠶᠢᠳᠤᠯ ᠳᠠᠭᠤᠳᠠᠯᠭ᠎ᠠ ᠳ᠋ᠤ ᠰᠠᠭᠤᠷᠢᠯᠠᠭᠰᠡᠨ ᠭᠡᠳᠡᠭ ᠢ ᠤᠨᠴᠠᠭᠠᠶᠢᠯᠡᠨ ᠳᠤᠳᠤᠷᠬᠠᠶᠢᠯᠠᠶ᠎ᠠ》ᠬᠡᠵᠤ ᠨᠤᠮ ᠤᠨ ᠬᠠᠷᠢᠭᠤᠴᠠᠭᠰᠠᠨ ᠨᠠᠶᠢᠷᠠᠭᠤᠯᠤᠭᠴᠢ ᠬᠠᠷᠠᠪᠠᠷᠰ ᠭᠤᠧᠠᠢ ᠶᠠᠷᠢᠯ᠎ᠠ᠃

    ᠲᠤᠰ ᠨᠤᠮ ᠰᠤᠶᠤᠯ ᠤᠯᠠᠮᠵᠢᠯᠠᠯ ᠤᠨ ᠲᠠᠯ᠎ᠠ ᠳᠡᠭᠡᠷ᠎ᠡ ᠥᠪᠡᠷᠮᠢᠴᠡ ᠦᠨ᠎ᠠ ᠴᠠᠨ᠎ᠠ ᠲᠠᠢ ᠪᠡᠷ ᠢᠶᠡᠨ ᠬᠡᠪᠯᠡᠭᠳᠡᠨ ᠳᠠᠷᠬᠠᠭᠠᠭᠳᠠᠭᠰᠠᠨ ᠤ ᠳᠠᠷᠠᠭ᠎ᠠ ᠨᠡᠶᠢᠭᠡᠮ ᠨᠡᠶᠢᠲᠡ ᠳ᠋ᠤ ᠮᠡᠳᠡᠷᠡᠭᠳᠡᠵᠦ᠂ ᠵᠠᠯᠠᠭᠤ ᠪᠠᠭᠠᠴᠤᠤᠯ ᠤᠨ ᠪᠠᠬ᠎ᠠ ᠶᠢ ᠳᠠᠲᠠᠵᠦ᠂ ᠥᠷᠭᠡᠨ ᠬᠡᠪᠴᠢᠶᠡᠨ ᠳ᠋ᠤ ᠲᠠᠷᠬᠠᠭᠰᠡᠨ ᠳᠡᠳᠦᠢ ᠦᠬᠡᠢ᠂ ᠤᠯᠤᠰ ᠤᠨ ᠦᠨᠳᠦᠰᠦᠲᠡᠨ ᠤ ᠬᠡᠪᠯᠡᠯ ᠤᠨ ᠰᠠᠭᠤᠷᠢ ᠮᠥᠩᠭᠦᠨ ᠤ ᠳᠡᠳᠭᠦᠮᠵᠢ ᠶᠢ ᠬᠦᠷᠲᠡᠭᠰᠡᠨ ᠪᠠᠶᠢᠨ᠎ᠠ᠃

 

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011100001119641372