蒙古文网站Logo
ᠰᠢᠨᠬᠤᠸᠠ ᠮᠤᠩᠭ᠋ᠤᠯ ᠨᠧᠲ

ᠬᠡᠤᠬᠡᠳ ᠪᠠᠭᠠᠴᠤᠳ ᠲᠤ ᠳᠠᠭᠠᠰᠢᠶᠠᠭᠳᠠᠬᠤ ᠠᠮᠢᠲᠠᠨ ᠤ ᠶᠢᠷᠳᠢᠨᠴᠤ ᠳᠡᠬᠢ ᠬᠠᠴᠢᠨ ᠦᠯᠢᠭᠡᠷ ᠤᠳ -《ᠱᠧᠨ ᠱᠢ ᠰᠢ ᠶᠢᠨ ᠠᠮᠢᠲᠠᠨ ᠤ ᠦᠯᠢᠭᠡᠷ ᠤᠨ ᠵᠢᠷᠤᠭᠲᠦ ᠳᠡᠪᠲᠡᠷ》ᠨᠤᠮ

2016-09-29 12:09

    ᠰᠢᠨᠬᠤᠧᠠ ᠮᠤᠩᠭᠤᠯ ᠨᠧᠲ   ᠬᠦᠬᠡᠬᠤᠳᠠ ᠶᠢᠨ 9 ᠰᠠᠷ᠎ᠠ ᠶᠢᠨ 29 ᠤ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ᠂ ᠰᠢᠭᠤᠷᠭᠠᠨ) ᠬᠤᠷᠴᠢᠨ ᠨᠤᠳᠤᠭ ᠤᠨ ᠬᠡᠷᠡᠯᠳᠦ ᠰᠤᠪᠤᠳ ᠪᠤᠯᠤᠭᠰᠠᠨ ᠲᠥᠩᠯᠢᠶᠤᠤ ᠬᠤᠲᠠ ᠳ᠋ᠤ ᠪᠠᠶᠢᠷᠢᠯᠠᠬᠤ ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶ᠎ᠠ ᠪᠡᠷ ᠰᠤᠷᠪᠤᠯᠵᠢᠯᠠᠨ ᠶᠠᠪᠤᠬᠤ ᠵᠠᠭᠤᠷ᠎ᠠ᠂ ᠳᠤᠰ ᠬᠡᠪᠯᠡᠯ ᠤᠨ ᠬᠤᠷᠢᠶᠠᠨ ᠤ ᠮᠤᠩ᠋ᠭᠤᠯ ᠨᠤᠮ ᠨᠠᠶᠢᠷᠠᠭᠤᠯᠬᠤ ᠬᠡᠯᠳᠡᠰ ᠤᠨ ᠳᠡᠳ᠋ ᠡᠷᠬᠢᠯᠡᠭᠴᠢ ᠯᠢ ᠰᠠᠷᠠᠨ᠎ᠠ ᠦᠪᠡᠷ ᠤᠨ ᠡᠷᠬᠢᠯᠡᠨ ᠨᠠᠶᠢᠷᠠᠭᠤᠯᠤᠭᠰᠠ《ᠱᠧᠨ ᠱᠢ ᠰᠢ ᠶᠢᠨ ᠠᠮᠢᠲᠠᠨ ᠤ ᠦᠯᠢᠭᠡᠷ ᠤᠨ ᠵᠢᠷᠤᠭᠲᠦ ᠳᠡᠪᠲᠡᠷ》 ᠭᠡᠮᠡᠬᠦ ᠨᠤᠮ ᠢᠶᠡᠨ ᠤᠷᠮᠠᠳᠠᠶᠢᠬᠠᠨ ᠲᠠᠨᠢᠯᠴᠠᠭᠤᠯᠤᠭᠰᠠᠨ ᠪᠢᠯᠡ᠃

ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠮᠤᠩ᠋ᠭᠤᠯ ᠨᠤᠮ ᠨᠠᠶᠢᠷᠠᠭᠤᠯᠬᠤ ᠬᠡᠯᠳᠡᠰ ᠤᠨ ᠳᠡᠳ᠋ ᠡᠷᠬᠢᠯᠡᠭᠴᠢ ᠯᠢ ᠰᠠᠷᠠᠨ᠎ᠠ

    《ᠱᠧᠨ ᠱᠢ ᠰᠢ ᠶᠢᠨ ᠠᠮᠢᠲᠠᠨ ᠤ ᠦᠯᠢᠭᠡᠷ ᠤᠨ ᠵᠢᠷᠤᠭᠲᠦ ᠳᠡᠪᠲᠡᠷ》ᠬᠡᠮᠡᠬᠦ ᠵᠢᠷᠤᠭᠲᠦ ᠨᠤᠮ ᠪᠤᠯ ᠱᠧᠨ ᠱᠢ ᠰᠢ ᠠᠪᠦᠭᠠᠢ ᠶᠢᠨ ᠱᠠᠩᠨᠠᠯ ᠬᠦᠷᠲᠡᠭᠰᠡᠨ ᠰᠢᠯᠢᠳᠡᠭ ᠪᠦᠲᠦᠭᠡᠯ ᠡᠴᠡ ᠪᠡᠨ ᠰᠤᠩᠭᠤᠵᠤ᠂ ᠴᠤᠮᠬᠠᠳᠬᠠᠨ ᠨᠠᠶᠢᠷᠠᠭᠤᠯᠤᠭᠰᠡᠨ《ᠱᠧᠨ ᠱᠢ ᠰᠢ ᠶᠢᠨ ᠠᠮᠢᠲᠠᠨ ᠤ ᠦᠯᠢᠭᠡᠷ ᠤᠨ ᠵᠢᠷᠤᠭᠲᠦ ᠳᠡᠪᠲᠡᠷ》ᠪᠤᠯᠤᠨ᠎ᠠ᠃ ᠲᠤᠰ ᠨᠤᠮ ᠨᠡᠶᠢᠲᠡ ᠠᠷᠪᠡᠨ ᠬᠤᠶᠠᠷ ᠬᠤᠪᠢᠶᠠᠷᠢ ᠳᠡᠪᠲᠡᠷ ᠲᠠᠢ᠃《ᠳᠤᠮᠳᠠᠳᠤ ᠤᠯᠤᠰ ᠤᠨ ᠠᠮᠢᠲᠠᠨ ᠤ ᠦᠯᠢᠭᠡᠷ ᠤᠨ ᠵᠤᠬᠢᠶᠠᠯ ᠤᠨ ᠠᠪᠤᠷᠭᠤ》ᠬᠡᠮᠡᠭᠳᠡᠭᠰᠡᠨ ᠠᠯᠳᠠᠷᠲᠦ ᠵᠤᠬᠢᠶᠠᠯᠴᠢ ᠱᠧᠨ ᠱᠢ ᠰᠢ ᠠᠪᠦᠭᠠᠢ ᠶᠢᠨ ᠠᠮᠢᠲᠠᠨ ᠤ ᠦᠯᠢᠭᠡᠷ ᠢ ᠵᠢᠷᠤᠭᠲᠦ ᠳᠡᠪᠲᠡᠷ ᠤᠨ ᠬᠡᠯᠪᠡᠷᠢ ᠪᠡᠷ ᠬᠡᠪᠯᠡᠭᠦᠯᠦᠭᠰᠡᠨ ᠨᠢ ᠬᠡᠤᠬᠡᠳ ᠤᠨ ᠨᠤᠮ ᠤᠨ ᠨᠢᠭᠡ ᠵᠦᠢᠯ ᠤᠨ ᠰᠢᠨ᠎ᠡ ᠡᠭᠦᠳᠦᠯᠲᠡ ᠪᠤᠯᠤᠨ᠎ᠠ᠃ ᠲᠡᠷᠡᠪᠡᠷ ᠠᠮᠢᠲᠠᠨ ᠤ ᠦᠯᠢᠭᠡᠷ ᠤᠨ ᠵᠤᠬᠢᠶᠠᠯ ᠢ ᠪᠢᠴᠢᠭᠡᠳ ᠨᠢᠭᠡᠨᠲᠡ ᠭᠤᠴᠢ ᠭᠠᠷᠤᠢ ᠵᠢᠯ ᠤᠨ ᠳᠡᠤᠬᠡ ᠲᠡᠢ ᠪᠤᠯᠤᠭᠰᠡᠨ ᠳᠡᠳᠦᠢ ᠦᠬᠡᠢ ᠳᠡᠭᠦᠨ ᠤ ᠰᠢᠯᠢᠳᠡᠭ ᠪᠦᠲᠦᠭᠡᠯ ᠨᠢ ᠤᠯᠤᠰ ᠤᠨ ᠳᠤᠲᠤᠭᠠᠳᠦ ᠭᠠᠳᠠᠭᠠᠳᠦ ᠳ᠋ᠤ ᠴᠤᠬᠤᠮ ᠬᠡᠴᠢᠨᠡᠨ ᠱᠠᠩᠨᠠᠯ ᠮᠢᠯᠢᠶᠠᠯᠭ᠎ᠠ ᠬᠦᠷᠲᠡᠭᠰᠡᠨ ᠢ ᠥᠪᠡᠷ ᠢᠶᠡᠨ ᠴᠦ ᠲᠤᠳᠤ ᠮᠡᠳᠡᠬᠦ ᠦᠭᠡᠢ ᠬᠡᠮᠵᠢᠶᠡᠨ ᠳ᠋ᠤ ᠬᠦᠷᠴᠠᠢ᠃ ᠳᠡᠭᠦᠨ ᠤ ᠵᠤᠬᠢᠶᠠᠯ ᠪᠦᠲᠦᠭᠡᠯ ᠢ ᠠᠮᠲᠠᠷᠬᠠᠨ ᠤᠩᠰᠢᠭᠴᠢᠳ ᠪᠠ ᠳᠡᠭᠦᠨ ᠢ ᠰᠢᠲᠦᠨ ᠪᠠᠬᠠᠳᠤᠭᠴᠢ ᠤᠭᠲᠠᠷᠭᠤᠢ ᠶᠢᠨ ᠭᠡᠷᠡᠯᠲᠦ ᠤᠳᠤᠨ ᠰᠢᠬ ᠤᠯᠠᠰᠢᠷᠠᠭᠰᠡᠨ ᠭᠡᠵᠦ ᠬᠡᠯᠡᠬᠦ ᠳ᠋ᠤ ᠥᠴᠦᠬᠡᠨ ᠴᠦ ᠢᠯᠡᠭᠦᠳᠡᠬᠦ ᠪᠡᠷ ᠦᠭᠡᠢ ᠶᠤᠮ᠃ ᠱᠧᠨ ᠱᠢ ᠰᠢ ᠠᠪᠦᠭᠠᠢ ᠶᠢᠨ ᠪᠢᠴᠢᠭᠰᠡᠨ ᠡᠳᠡᠬᠡᠷ ᠠᠮᠢᠲᠠᠨ ᠭᠤᠤᠯᠲᠠᠳ ᠤᠨ ᠦᠯᠢᠭᠡᠷ ᠤᠳ ᠨᠢᠮᠠᠨᠤᠰ ᠤᠨ ᠠᠬᠤᠢ ᠨᠠᠶᠢᠭᠡᠮ ᠤᠨ ᠠᠵᠤ ᠪᠠᠶᠢᠳᠠᠯ ᠢ ᠰᠢᠯ ᠪᠤᠯᠤᠷ ᠲᠤᠯᠢ ᠰᠢᠬ ᠲᠤᠪᠴᠢ ᠲᠤᠳᠤᠷᠠᠭᠤᠨ ᠲᠤᠰᠬᠠᠵᠤ ᠪᠠᠶᠢᠳᠠᠭ᠃

    《ᠠᠮᠢᠲᠠᠨ ᠭᠤᠤᠯᠲᠠᠳ ᠤᠨ ᠲᠦᠯᠵᠢᠨ ᠠᠮᠢᠳᠤᠷᠠᠵᠤ ᠪᠠᠶᠢᠭ᠎ᠠ ᠦᠪᠡᠷᠮᠢᠴᠡ ᠵᠠᠩ ᠠᠪᠤᠷᠢ᠂ ᠤᠨᠴᠠᠭᠠᠢ ᠠᠷᠭ᠎ᠠ ᠬᠡᠯᠪᠡᠷᠢ ᠨᠢ ᠦᠨᠦ ᠶᠢᠨ ᠳᠡᠯᠡᠬᠡᠢ ᠶᠢᠷᠳᠢᠨᠴᠤ ᠳᠦ ᠤᠷᠤᠰᠢᠨ ᠲᠤᠭᠲᠠᠨᠢᠵᠤ ᠪᠠᠶᠢᠭ᠎ᠠ ᠬᠦᠮᠦᠨ ᠲᠦᠷᠦᠯᠬᠢᠲᠡᠨ ᠪᠢᠳᠡ ᠪᠦᠬᠦᠨ ᠤ ᠭᠦᠨ ᠲᠤᠩᠭᠠᠵᠤ ᠭᠦᠨᠵᠡᠭᠡᠢ ᠰᠡᠳᠭᠢᠭᠦᠰᠢᠲᠠᠢ ᠵᠦᠢᠯᠡᠰ ᠪᠤᠯᠬᠤ ᠶᠤᠮ᠃ ᠲᠡᠳᠡᠭᠡᠷ ᠠᠮᠢᠲᠠᠨ ᠭᠤᠤᠯᠲᠠᠳ ᠤᠨ ᠦᠢᠯᠡ ᠶᠠᠪᠤᠳᠠᠯ ᠡᠴᠡ ᠮᠡᠨᠤᠰ ᠦᠷ᠎ᠡ ᠬᠡᠤᠬᠡᠳ ᠢᠶᠡᠨ ᠡᠩᠬᠦᠷᠡᠶᠢᠯᠡᠨ᠂ ᠬᠠᠨᠢ ᠨᠦᠬᠦᠳ ᠢᠶᠡᠨ ᠳᠠᠮᠵᠢᠨ ᠲᠤᠰᠠᠯᠠᠬᠤ᠂ ᠬᠠᠷᠢ ᠶᠢᠨ ᠳᠠᠶᠢᠰᠤᠨ ᠤ ᠡᠰᠡᠷᠬᠦ ᠬᠠᠰᠬᠢᠷᠤᠨ ᠪᠤᠰᠳᠠᠭ ᠡᠷᠡᠰ ᠬᠠᠲᠠᠭᠤ ᠵᠤᠷᠢᠭ ᠰᠦᠰᠦ ᠵᠡᠷᠭᠡ ᠰᠠᠶᠢᠨ ᠰᠠᠶᠢᠬᠠᠨ ᠬᠡᠪ ᠰᠤᠷᠲᠠᠯ ᠢ ᠤᠯᠵᠤ ᠬᠠᠷᠠᠬᠤ ᠪᠡᠷ ᠪᠠᠷᠠᠬᠤ ᠦᠭᠡᠢ ᠪᠠᠰᠠ ᠬᠤᠪᠲᠤᠭ ᠰᠢᠨᠤᠬᠠᠢ᠂ ᠠᠮᠢᠨᠴᠢᠷ ᠬᠤᠪᠢᠨᠴᠢᠷ᠂ ᠠᠲᠠᠭᠠᠷᠬᠠᠵᠤ ᠵᠢᠳᠦᠭᠡᠷᠭᠡᠬᠦ ᠵᠡᠷᠭᠡ ᠮᠠᠭᠤ ᠮᠠᠭᠤᠬᠠᠢ ᠵᠠᠩ ᠴᠢᠨᠠᠷ ᠢ ᠴᠤ ᠤᠶᠢᠯᠠᠭᠠᠵᠤ ᠪᠤᠯᠤᠨ᠎ᠠ᠃ ᠡᠳᠡᠭᠡᠷ ᠵᠢᠷᠤᠭᠲᠤ ᠨᠤᠮ ᠳᠤ ᠬᠠᠴᠢᠨ ᠶᠠᠪᠤᠳᠠᠯ ᠰᠤᠨᠢᠨ ᠬᠡᠷᠡᠭ ᠢᠶᠡᠷ ᠦᠯᠢᠭᠡᠷ ᠢᠶᠡᠨ ᠬᠤᠯᠪᠤᠨ ᠰᠢᠵᠢᠮᠯᠠᠵᠤ᠂ ᠡᠯᠳᠡᠪ ᠵᠦᠢᠯ ᠤᠨ ᠦᠩᠭᠡ ᠪᠤᠳᠤᠭ᠂ ᠵᠢᠷᠤᠭ ᠲᠦᠷᠰᠤ ᠪᠡᠷ ᠠᠮᠢᠲᠠᠨ ᠭᠤᠤᠯᠲᠠᠨ ᠤ ᠤᠶᠤᠨ ᠤᠬᠠᠭᠠᠨ᠂ ᠬᠠᠶᠢᠷ᠎ᠠ ᠬᠠᠯᠠᠮᠵᠢ ᠶᠢ ᠬᠠᠪᠤᠯᠢᠭ ᠲᠤᠰᠬᠠᠵᠤ ᠬᠠᠪᠤᠲᠠᠢ ᠬᠠᠷᠠᠭᠤᠯᠵᠤ᠂ ᠬᠦᠮᠦᠨ ᠲᠦᠷᠦᠯᠬᠢᠲᠡᠨ ᠬᠢᠭᠡᠳ ᠠᠮᠢᠲᠠᠨ ᠭᠤᠤᠯᠲᠠᠳ ᠤᠨ ᠬᠤᠭᠤᠷᠤᠨᠳᠤᠬᠢ ᠬᠠᠷᠢᠴᠠᠭ᠎ᠠ ᠬᠤᠯᠪᠤᠭ᠎ᠠ ᠶᠢ ᠨᠢᠳᠦᠨ ᠳᠦ ᠦᠵᠡᠭᠳᠡᠵᠤ ᠭᠠᠷ ᠲᠦ ᠪᠠᠷᠢᠭᠳᠠᠮᠠᠷ ᠢᠯᠠ ᠲᠤᠳᠤ ᠦᠵᠡᠭᠦᠯᠦᠭᠰᠡᠨ᠃ ᠡᠳᠡᠭᠡᠷ ᠠᠮᠢᠲᠠᠨ ᠤ ᠶᠢᠷᠳᠢᠨᠴᠤ ᠳᠡᠬᠢ ᠬᠠᠴᠢᠨ ᠦᠯᠢᠭᠡᠷ ᠤᠳ ᠨᠢ ᠡᠳᠦᠷ ᠡᠴᠡ ᠡᠳᠦᠷ ᠦᠰᠦᠨ ᠪᠤᠶᠢᠵᠢᠭ᠎ᠠ ᠦᠢ ᠤᠯᠠᠨ ᠪᠢᠴᠢᠬᠠᠨ ᠤᠩᠰᠢᠭᠴᠢᠳ ᠲᠤ ᠲᠠᠭᠠᠰᠢᠶᠠᠭᠳᠠᠨ ᠳᠤᠷᠠᠰᠢᠯ ᠳᠦ ᠨᠢ ᠪᠦᠪᠡᠶᠢᠯᠡᠭᠳᠡᠨ᠎ᠠ ᠭᠡᠳᠡᠭ ᠲᠦ ᠪᠠᠲᠤ ᠢᠲᠡᠭᠡᠵᠤ ᠪᠠᠶᠢᠨ᠎ᠠ》ᠬᠡᠵᠤ ᠯᠢ ᠰᠠᠷᠠᠨ᠎ᠠ ᠰᠤᠷᠪᠤᠯᠵᠢᠯᠠᠭ᠎ᠠ ᠬᠦᠯᠢᠶᠡᠨ ᠶᠠᠷᠢᠯ᠎ᠠ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119646894