蒙古文网站Logo
ᠰᠢᠨᠬᠤᠸᠠ ᠮᠤᠩᠭ᠋ᠤᠯ ᠨᠧᠲ

ᠬᠡᠤᠬᠡᠳ ᠪᠠᠭᠠᠴᠤᠳ ᠤᠨ ᠰᠤᠨᠢᠷᠬᠠᠯ ᠳᠤ ᠬᠦᠷᠴᠤ ᠴᠢᠳᠠᠬᠤ ᠳᠤᠮᠳᠠᠳᠤ ᠶᠢᠨ ᠰᠤᠩᠭᠤᠳᠠᠭ ᠦᠯᠢᠬᠡᠷ ᠤᠨ ᠨᠤᠮ

2016-10-09 18:03

    ᠰᠢᠨᠬᠤᠧᠠ ᠮᠤᠩᠭᠤᠯ ᠨᠧᠲ   ᠬᠦᠬᠡᠬᠤᠳᠠ ᠶᠢᠨ 10 ᠰᠠᠷ᠎ᠠ ᠶᠢᠨ 9 ᠤ ᠡᠳᠦᠷ ᠤᠨ ᠴᠠᠬᠢᠯᠭᠠᠨ ᠮᠡᠳᠡᠬᠡ (ᠪᠤᠯᠤᠷᠴᠡᠴᠡᠭ᠂ ᠰᠢᠭᠤᠷᠭᠠᠨ) ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶ᠎ᠠ ᠪᠡᠷ ᠰᠤᠷᠪᠤᠯᠵᠢᠯᠠᠨ ᠶᠠᠪᠤᠬᠤ ᠵᠠᠭᠤᠷ᠎ᠠ ᠳᠤᠰ ᠬᠡᠪᠯᠡᠯ ᠤᠨ ᠬᠤᠷᠢᠶᠠᠨ ᠤ ᠨᠠᠬᠢᠶ᠎ᠠ ᠰᠡᠳᠬᠦᠯ ᠤᠨ ᠨᠠᠶᠢᠷᠠᠭᠤᠯᠤᠭᠴᠢ᠂ ᠮᠤᠩᠭᠤᠯ ᠨᠤᠮ ᠤᠨ ᠨᠠᠶᠢᠷᠠᠭᠤᠯᠤᠭᠴᠢ ᠤᠶᠤᠩᠭᠤᠤ᠎ᠠ ᠬᠠᠷᠢᠭᠤᠴᠠᠭᠰᠠᠨ ᠨᠠᠶᠢᠷᠠᠭᠤᠯᠤᠭᠴᠢ ᠶᠢᠨ ᠬᠤᠪᠢ ᠡᠴᠡ ᠳᠤᠮᠳᠠᠳᠤ ᠶᠢᠨ ᠰᠤᠩᠭᠤᠳᠠᠭ ᠦᠯᠢᠬᠡᠷ 20 ᠳᠡᠪᠳᠡᠷ ᠨᠤᠮ ᠢᠶᠡᠨ ᠤᠷᠮᠠᠳᠠᠶᠢᠬᠠᠨ ᠲᠠᠨᠢᠯᠴᠠᠭᠤᠯᠤᠭᠰᠠᠨ ᠰᠠᠨ᠃

    ᠳᠤᠰ ᠬᠡᠪᠯᠡᠯ ᠤᠨ ᠬᠤᠷᠢᠶᠠᠨ ᠡᠴᠡ ᠬᠡᠪᠯᠡᠬᠦᠯᠦᠭᠰᠡᠨ ᠳᠤᠮᠳᠠᠳᠤ ᠶᠢᠨ ᠰᠤᠩᠭᠤᠳᠠᠭ ᠦᠯᠢᠬᠡᠷ ᠤᠨ ᠨᠤᠮ ᠳᠤ 《ᠡᠾᠧᠤ ᠢ ᠨᠠᠷᠠ ᠶᠢ ᠬᠠᠷᠪᠤᠭᠰᠠᠨ ᠨᠢ》᠂ 《ᠶᠦᠧᠧ ᠹᠧᠢ ᠶᠢᠨ ᠡᠬᠡ ᠦᠰᠦᠭ ᠰᠢᠪᠡᠭᠰᠡᠨ ᠨᠢ》᠂ 《ᠰᠧ ᠮᠠ ᠭᠤᠧᠠᠩ ᠭᠠᠩ ᠬᠠᠭᠠᠯᠤᠭᠰᠠᠨ ᠨᠢ》᠂ 《ᠨᠠᠶ᠋ᠮᠠᠨ ᠰᠠᠬᠢᠭᠤᠯᠰᠤᠨ ᠳᠠᠯᠠᠢ ᠬᠡᠳᠦᠯᠦᠭᠰᠡᠨ ᠨᠢ》᠂ 《ᠤᠪᠳᠤ ᠦᠨᠡᠬᠡ ᠤᠮᠤᠭᠳᠤ ᠪᠠᠷᠰ》᠂ 《ᠵᠢᠩ ᠸᠧᠢ ᠳᠠᠯᠠᠢ ᠶᠢ ᠪᠦᠭᠯᠡᠭᠰᠡᠨ ᠨᠢ》᠂ 《ᠮᠦᠷᠬᠦ ᠵᠢᠭᠠᠰᠤ ᠯᠤᠤᠳᠤ ᠡᠬᠦᠳᠡ ᠶᠢ ᠦᠰᠦᠷᠦᠭᠰᠡᠨ ᠨᠢ》᠂ 《ᠭᠤᠷᠪᠠᠨ ᠬᠤᠤᠱᠠᠩ》᠂ 《ᠺᠦᠩ ᠷᠦᠩ ᠠᠯᠢᠮ᠎ᠠ ᠶᠢ ᠨᠠᠶᠢᠷ ᠳᠠᠯᠪᠢᠭᠰᠠᠨ ᠨᠢ》᠂ 《ᠮᠦ ᠯᠠᠨ ᠴᠡᠷᠢᠭ ᠲᠤ ᠤᠷᠤᠭᠰᠠᠨ ᠨᠢ》᠂ 《ᠼᠤᠤ ᠴᠦᠩ ᠵᠠᠭᠠᠨ ᠢ ᠵᠢᠩᠯᠡᠭᠰᠡᠨ ᠨᠢ》᠂ 《ᠳᠡᠭᠷᠢ ᠶᠢᠨ ᠤᠷᠳᠤᠨ ᠢ ᠶᠡᠬᠡᠪᠡᠷ ᠳᠦᠢᠪᠡᠬᠡᠭᠰᠡᠨ ᠨᠢ》᠂ 《ᠰᠠᠮᠵᠠ ᠰᠠᠷᠠ ᠶᠢ ᠰᠢᠬᠦᠭᠰᠡᠨ ᠨᠢ》᠂ 《ᠯᠢᠩᠬᠤᠧᠠᠳᠤ ᠡᠷᠳᠡᠨᠢ ᠶᠢᠨ ᠳ᠋ᠧᠩ》᠂ 《ᠫᠠᠨ ᠬᠦ᠋ ᠭᠠᠯᠪᠠ ᠳᠡᠯᠡᠬᠡᠢ ᠶᠢ ᠨᠡᠬᠡᠬᠡᠭᠰᠡᠨ ᠨᠢ》᠂ 《ᠴᠠᠩ ᠡᠧ ᠰᠠᠷᠠᠨ ᠳᠤ ᠳᠡᠮᠡᠤᠯᠡᠭᠰᠡᠨ ᠨᠢ》᠂《ᠳ᠋ᠦᠩ ᠬᠦᠧᠧ ᠠᠪᠤᠭᠠᠢ ᠪᠤᠯᠤᠨ ᠴᠢᠨᠤ᠎ᠠ》᠂ 《ᠡᠦ ᠰᠦᠩ ᠪᠠᠷᠰ ᠢ ᠠᠯᠠᠭᠰᠠᠨ ᠨᠢ》᠂ 《ᠨᠢᠤᠢ ᠸᠠ ᠳᠡᠭᠷᠢ ᠶᠢ ᠨᠦᠬᠦᠭᠰᠡᠨ ᠨᠢ》᠂ 《ᠨᠧᠵᠠ ᠳᠠᠯᠠᠢ ᠶᠢ ᠳᠦᠢᠪᠡᠬᠡᠭᠰᠡᠨ ᠨᠢ》 ᠵᠡᠷᠬᠡ 20 ᠦᠯᠢᠬᠡᠷ ᠢ ᠪᠠᠭᠳᠠᠭᠠᠵᠠᠢ᠃ ᠪᠠᠭ᠎ᠠ ᠨᠠᠰᠤᠨ ᠤ ᠬᠡᠤᠬᠡᠳ ᠤᠳ ᠲᠤ ᠵᠤᠷᠢᠭᠤᠯᠤᠭᠰᠠᠨ ᠪᠤᠯᠬᠤᠷ ᠨᠢᠬᠡ ᠦᠯᠢᠬᠡᠷ ᠢ ᠨᠢᠬᠡ ᠳᠡᠪᠳᠡᠷ ᠪᠤᠯᠭᠠᠨ ᠳᠡᠪᠳᠡᠷ ᠪᠦᠷᠢ ᠶᠢ 16 ᠬᠠᠭᠤᠳᠠᠰᠤ ᠲᠠᠢ ᠪᠡᠷ ᠠᠭᠤᠯᠭ᠎ᠠ ᠶᠢ ᠨᠢ ᠤᠬᠤᠷ ᠠᠪᠰᠠᠷᠬᠠᠨ ᠨᠠᠶᠢᠷᠠᠭᠤᠯᠵᠤ ᠵᠢᠷᠤᠭ ᠢᠶᠡᠷ ᠭᠤᠤᠯᠳᠠᠭᠤᠯᠤᠨ ᠬᠡᠪᠯᠡᠬᠦᠯᠵᠠᠢ᠃

    《ᠮᠠᠨ ᠤ ᠬᠡᠪᠯᠡᠯ ᠤᠨ ᠬᠤᠷᠢᠶ᠎ᠠ ᠪᠠᠭᠠᠴᠤᠳ ᠬᠡᠤᠬᠡᠳ ᠤᠨ ᠨᠤᠮ ᠢ ᠬᠡᠪᠯᠡᠳᠡᠭ ᠳᠤᠰᠬᠠᠢ ᠬᠡᠪᠯᠡᠯ ᠤᠨ ᠬᠤᠷᠢᠶ᠎ᠠ ᠪᠤᠯᠤᠭᠰᠠᠨ ᠤ ᠬᠤᠪᠢ ᠳ᠋ᠦ ᠦᠨᠳᠦᠰᠦᠳᠡᠨ ᠤ ᠳᠡᠤᠬᠡ ᠰᠤᠶᠤᠯ ᠢ ᠤᠯᠠᠮᠵᠢᠯᠠᠵᠤ ᠳᠡᠯᠬᠡᠷᠡᠬᠦᠯᠬᠦ ᠠᠭᠤᠯᠭ᠎ᠠ ᠲᠠᠢ ᠨᠤᠮ ᠢ ᠬᠡᠪᠯᠡᠬᠦᠯᠳᠡᠭ ᠡᠴᠡ ᠭᠠᠳᠠᠨ᠎ᠠ ᠪᠠᠰᠠ ᠬᠡᠤᠬᠡᠳ ᠤᠳ ᠲᠤ ᠶᠤᠰᠤ ᠤᠬᠠᠭᠠᠨ ᠢ ᠮᠡᠳᠡᠬᠦᠯᠬᠦ ᠵᠤᠷᠢᠯᠭ᠎ᠠ ᠪᠡᠷ ᠤᠯᠠᠨ ᠰᠠᠶᠢᠬᠠᠨ ᠦᠯᠢᠬᠡᠷ ᠤᠨ ᠨᠤᠮ ᠤᠳ ᠢ ᠬᠡᠪᠯᠡᠬᠦᠯᠳᠡᠭ᠃ ᠰᠠᠶ‍ᠢ ᠶᠢᠨ ᠳᠠᠨᠢᠯᠴᠠᠭᠤᠯᠤᠭᠰᠠᠨ ᠤᠷᠴᠢᠨ ᠦᠶ᠎ᠡ ᠶᠢᠨ ᠰᠤᠳᠤᠨ ᠪᠦᠳᠦᠬᠡᠯ ᠪᠤᠯᠬᠤ ᠳᠤᠮᠳᠠᠳᠤ ᠶᠢᠨ ᠰᠤᠩᠭᠤᠳᠠᠭ ᠦᠯᠢᠬᠡᠷ ᠤᠳ ᠪᠤᠯ ᠮᠠᠨ ᠤ ᠬᠡᠪᠯᠡᠯ ᠤᠨ ᠬᠤᠷᠢᠶᠠᠨ ᠡᠴᠡ ᠤᠶᠢᠷ᠎ᠠ ᠶᠢᠨ ᠬᠤᠭᠤᠴᠠᠭᠠᠨ ᠳᠤ ᠬᠡᠪᠯᠡᠬᠦᠯᠦᠭᠰᠡᠨ ᠨᠡᠯᠢᠶᠡᠳ ᠬᠦᠨᠳᠦ ᠶᠢᠨ ᠵᠢᠩ ᠲᠠᠢ ᠨᠤᠮ ᠤᠳ ᠪᠤᠯᠤᠨ᠎ᠠ》 ᠬᠡᠵᠤ ᠤᠶᠤᠩᠭᠤᠤ᠎ᠠ ᠶᠠᠷᠢᠯ᠎ᠠ᠃

 

ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠤ ᠨᠠᠬᠢᠶ᠎ᠠ ᠰᠡᠳᠬᠦᠯ ᠤᠨ ᠨᠠᠶᠢᠷᠠᠭᠤᠯᠤᠭᠴᠢ᠂ ᠮᠤᠩᠭᠤᠯ ᠨᠤᠮ ᠤᠨ ᠨᠠᠶᠢᠷᠠᠭᠤᠯᠤᠭᠴᠢ ᠤᠶᠤᠩᠭᠤᠤ᠎ᠠ

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119681602