蒙古文网站Logo
ᠰᠢᠨᠬᠤᠸᠠ ᠮᠤᠩᠭ᠋ᠤᠯ ᠨᠧᠲ

ᠳᠤᠮᠳᠠᠳᠤ ᠤᠯᠤᠰ ᠤᠨ ᠡᠷᠳᠡᠨ ᠤ ᠰᠤᠩᠭᠤᠳᠠᠭ ᠵᠤᠬᠢᠶᠠᠯ ᠤᠨ 4 ᠪᠤᠳᠢ ᠵᠢᠷᠤᠭᠴᠢᠯᠠᠭᠰᠠᠨ ᠮᠤᠩᠭᠤᠯ ᠨᠤᠮ ᠲᠠᠢ ᠳᠠᠨᠢᠯᠴᠠᠨ᠎ᠠ ᠤᠤ

2016-10-10 16:21

    ᠰᠢᠨᠬᠤᠧᠠ ᠮᠤᠩᠭᠤᠯ ᠨᠧᠲ   ᠬᠦᠬᠡᠬᠤᠲᠠ ᠶᠢᠨ 10 ᠰᠠᠷ᠎ᠠ ᠶᠢᠨ 10 ᠤ ᠡᠳᠦᠷ ᠤᠨ ᠴᠠᠬᠢᠯᠭᠠᠨ ᠮᠡᠳᠡᠭᠡ (ᠪᠤᠯᠤᠷᠴᠡᠴᠡᠭ᠂ ᠰᠢᠭᠤᠷᠭᠠᠨ) ᠪᠤᠭᠤᠷᠤᠯ ᠳᠡᠤᠬᠡ ᠶᠢᠨ ᠳᠤᠭᠤᠰᠤᠨ ᠤ ᠪᠤᠯᠪᠠᠰᠤᠨ ᠰᠤᠶᠤᠯ ᠤᠨ ᠰᠠᠯᠬᠢ ᠶᠢ ᠦᠨᠦᠷᠳᠦᠵᠤ᠂ ᠪᠢᠴᠢᠭ᠌᠌ ᠨᠤᠮ ᠤᠨ ᠰᠤᠩᠭᠤᠳᠠᠭ ᠢᠶᠡᠷ ᠪᠢᠯᠢᠭ᠌ ᠤᠶᠤᠨ ᠢᠶᠡᠨ ᠬᠤᠷᠴᠠᠯᠠᠶ᠎ᠠ᠃ ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶ᠎ᠠ ᠪᠡᠷ ᠰᠤᠷᠪᠤᠯᠵᠢᠯᠠᠨ ᠶᠠᠪᠤᠬᠤ ᠵᠠᠭᠤᠷ᠎ᠠ᠂ ᠨᠠᠬᠢᠶ᠎ᠠ ᠰᠡᠳᠬᠦᠯ ᠤᠨ ᠨᠠᠶᠢᠷᠠᠭᠤᠯᠤᠭᠴᠢ ᠬᠦᠴᠦᠨᠳᠤ᠌᠂ ᠬᠠᠷᠢᠭᠤᠴᠠᠭᠰᠠᠨ ᠨᠠᠶᠢᠷᠠᠭᠤᠯᠤᠭᠴᠢ ᠶᠢᠨ ᠬᠤᠪᠢ ᠡᠴᠡ《ᠱᠦᠢ ᠬᠡᠤ ᠶᠢᠨ ᠦᠯᠢᠬᠡᠷ》᠂《ᠪᠠᠷᠠᠭᠤᠨᠰᠢ ᠵᠤᠷᠴᠢᠭᠰᠠᠨ ᠳᠡᠮᠳᠡᠭᠯᠡᠯ》᠂ 《ᠭᠤᠷᠪᠠᠨ ᠤᠯᠤᠰ ᠤᠨ ᠦᠯᠢᠬᠡᠷ》᠂ 《ᠤᠯᠠᠭᠠᠨ ᠠᠰᠠᠷ ᠤᠨ ᠵᠡᠬᠦᠳᠦᠨ》ᠬᠡᠮᠡᠬᠦ ᠨᠡᠯᠢᠶᠡᠳ ᠬᠦᠨᠳᠦ ᠶᠢᠨ ᠵᠢᠩ ᠲᠠᠢ 4 ᠪᠤᠳᠢ ᠵᠢᠷᠤᠭᠴᠢᠯᠠᠭᠰᠠᠨ ᠮᠤᠩᠭᠤᠯ ᠨᠤᠮ ᠢ ᠳᠠᠨᠢᠯᠴᠠᠭᠤᠯᠤᠯ᠎ᠠ᠃

    ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠡᠴᠡ ᠤᠶᠢᠷ᠎ᠠ ᠶᠢᠨ ᠬᠤᠭᠤᠴᠠᠭᠠᠨ ᠳᠤ ᠬᠡᠪᠯᠡᠬᠦᠯᠵᠤ ᠬᠡᠤᠬᠡᠳ ᠤᠳ ᠤᠨ ᠢᠶᠡᠨ ᠠᠯᠠᠭᠠᠨ ᠳᠤ ᠳᠠᠯᠪᠢᠭᠰᠠᠨ ᠳᠤᠮᠳᠠᠳᠤ ᠤᠯᠤᠰ ᠤᠨ ᠰᠤᠩᠭᠤᠳᠠᠭ ᠤᠷᠠᠨ ᠵᠤᠬᠢᠶᠠᠯ ᠪᠤᠯᠬᠤ ᠡᠨᠡᠬᠦ 4 ᠪᠤᠳᠢ ᠨᠤᠮ ᠨᠢ ᠳᠤᠰ ᠪᠦᠷᠢ ᠳᠡᠬᠡᠳᠦ ᠳᠤᠤᠷᠠᠳᠤ ᠬᠤᠶᠠᠷ ᠳᠡᠪᠳᠡᠷ ᠲᠠᠢ᠂ ᠠᠭᠤᠯᠭ᠎ᠠ ᠲᠠᠢ ᠨᠢ ᠠᠪᠴᠠᠯᠳᠤᠭᠰᠠᠨ ᠪᠤᠳᠤᠭᠳᠤ ᠵᠢᠷᠤᠭ ᠲᠠᠢ ᠪᠡᠷ ᠬᠡᠪᠯᠡᠭᠳᠡᠵᠡᠢ᠃ 《ᠡᠳᠡᠬᠡᠷ ᠨᠤᠮ ᠢ ᠮᠤᠩᠭᠤᠯᠴᠢᠯᠠᠵᠤ ᠨᠠᠶᠢᠷᠠᠭᠤᠯᠤᠨ ᠬᠡᠪᠯᠡᠬᠦᠯᠬᠦ ᠳᠤ ᠪᠡᠨ ᠪᠢᠳᠡ ᠦᠨᠳᠦᠰᠦᠳᠡᠨ ᠤ ᠢᠷᠡᠬᠡᠳᠦᠢ ᠳᠤ ᠬᠠᠷᠢᠭᠤᠴᠠᠬᠤ ᠡᠬᠦᠳᠡᠨ ᠡᠴᠡ ᠤᠯᠠᠨ ᠳᠤ ᠮᠡᠳᠡᠷᠡᠭᠳᠡᠭᠰᠡᠨ ᠤᠳᠠᠭᠠᠨ ᠵᠢᠯ ᠤᠨ ᠤᠷᠤᠯᠳᠤᠯᠭ᠎ᠠ ᠲᠠᠢ ᠨᠡᠷᠡᠳᠦ ᠤᠷᠴᠢᠭᠤᠯᠤᠭᠴᠢ᠂ ᠵᠤᠬᠢᠶᠠᠯᠴᠢ ᠪᠠᠭᠰᠢ ᠨᠠᠷ ᠢ ᠤᠷᠢᠨ ᠵᠠᠯᠠᠵᠤ᠂ ᠤᠯᠠᠨ ᠬᠤᠨᠤᠭ ᠢ ᠵᠠᠷᠤᠴᠠᠭᠤᠯᠤᠨ ᠦᠷᠬᠡᠨ ᠮᠠᠲ᠋ᠧᠷᠢᠶᠠᠯ ᠢ ᠡᠮᠬᠢᠳᠬᠡᠨ ᠴᠤᠭᠯᠠᠭᠤᠯᠵᠤ᠂ ᠭᠤᠤᠯ ᠪᠤᠯᠬᠤ ᠠᠭᠤᠯᠭ᠎ᠠ ᠶᠢ ᠬᠡᠬᠡᠭᠳᠡᠬᠦᠯᠦᠯ ᠦᠬᠡᠢ᠂ ᠤᠯᠠᠩᠬᠢ ᠨᠠᠷᠢᠨ ᠦᠢᠯᠡ ᠶᠠᠪᠤᠳᠠᠯ ᠢ ᠳᠡᠷᠡ ᠬᠡᠪ ᠢᠶᠡᠷ ᠨᠢ ᠦᠯᠡᠳᠡᠬᠡᠵᠤ᠂ ᠦᠬᠡ ᠨᠠᠶᠢᠷᠠᠭᠤᠯᠭ᠎ᠠ ᠶᠢᠨ ᠳᠠᠯ᠎ᠠ ᠪᠡᠷ ᠮᠤᠩᠭᠤᠯ ᠬᠡᠤᠬᠡᠳ ᠤᠳ ᠤᠨ ᠰᠡᠳᠬᠢᠴᠡ ᠳᠤ ᠬᠠᠨᠳᠤᠭᠤᠯᠤᠨ ᠦᠪᠡᠷ ᠲᠤ ᠨᠢ ᠳᠤᠬᠢᠷᠠᠭᠰᠠᠨ ᠬᠡᠯᠪᠡᠷᠢ ᠪᠡᠷ ᠳᠦᠬᠦᠮ ᠠᠪᠰᠠᠷᠬᠠᠨ ᠮᠦᠷᠳᠡᠬᠡᠨ ᠤᠷᠤᠰᠤᠮ᠎ᠠ ᠴᠡᠪᠡᠷᠬᠡᠨ᠂ ᠤᠶᠢᠯᠠᠭᠠᠮᠵᠢᠳᠠᠢ ᠰᠠᠶᠢᠬᠠᠨ ᠪᠠᠶᠢᠬᠤ ᠶᠢ ᠭᠤᠤᠯᠯᠠᠨ ᠠᠩᠬᠠᠷᠴᠤ᠂ ᠮᠤᠩᠭᠤᠯ ᠬᠡᠯᠡ ᠪᠡᠷ ᠰᠤᠩᠭᠤᠳᠠᠭ ᠪᠦᠳᠦᠬᠡᠯ ᠢ ᠰᠤᠨᠢᠷᠬᠠᠬᠤ ᠱᠠᠭᠠᠷᠳᠠᠯᠭ᠎ᠠ ᠳᠤ ᠬᠦᠷᠬᠡᠬᠦ ᠶᠢ ᠬᠢᠴᠢᠶᠡᠯ᠎ᠠ᠃ ᠡᠬᠦᠨ ᠡᠴᠡ ᠭᠠᠳᠠᠨ᠎ᠠ ᠪᠠᠰᠠ ᠠᠭᠤᠯᠭ᠎ᠠ ᠳᠤ ᠨᠢ ᠳᠤᠬᠢᠷᠠᠭᠤᠯᠤᠨ ᠪᠤᠳᠤᠭᠳᠤ ᠵᠢᠷᠤᠭ ᠬᠠᠪᠰᠤᠷᠭᠠᠭᠰᠠᠨ᠃ ᠪᠢᠳᠡ ᠢᠩᠬᠢᠵᠤ ᠬᠦᠴᠦ ᠤᠷᠤᠭᠤᠯᠵᠤ ᠬᠢᠭᠰᠡᠨ ᠤ ᠵᠤᠷᠢᠯᠭ᠎ᠠ ᠨᠢ ᠪᠤᠯ ᠪᠠᠭᠠᠴᠤᠳ ᠬᠡᠤᠬᠡᠳ ᠤᠨ ᠨᠤᠮ ᠤᠩᠰᠢᠬᠤ ᠤᠷᠮ᠎ᠠ ᠶᠢ ᠨᠢ ᠦᠬᠡᠳᠡ ᠳᠠᠳᠠᠬᠤ᠂ ᠮᠦᠨ ᠳᠤᠮᠳᠠᠳᠤ ᠤᠯᠤᠰ ᠤᠨ ᠡᠷᠳᠡᠨ ᠤ ᠰᠤᠩᠭᠤᠳᠠᠭ ᠤᠷᠠᠨ ᠵᠤᠬᠢᠶᠠᠯ ᠡᠴᠡ ᠮᠡᠳᠡᠯᠬᠡ ᠶᠢᠨ ᠰᠢᠮ᠎ᠡ ᠬᠦᠷᠳᠡᠬᠡᠬᠦ ᠬᠡᠰᠡᠨ ᠶᠤᠮ 》ᠬᠡᠵᠤ ᠬᠦᠴᠤᠨᠳᠦ ᠰᠤᠷᠪᠤᠯᠵᠢᠯᠠᠭ᠎ᠠ ᠬᠦᠯᠢᠶᠡᠬᠦ ᠳᠤ ᠪᠡᠨ ᠶᠠᠷᠢᠯ᠎ᠠ᠃

    ᠳᠡᠤᠬᠡ ᠪᠡᠨ ᠳᠤᠯᠢᠳᠠᠵᠤ᠂ ᠰᠤᠩᠭᠤᠳᠠᠭ ᠢᠶᠡᠨ ᠤᠯᠠᠮᠵᠢᠯᠠᠨ᠂ ᠢᠷᠡᠬᠡᠳᠦᠢ ᠪᠡᠨ ᠴᠤᠭᠴᠠᠯᠠᠬᠤ ᠪᠤᠯ ᠠᠯᠢ ᠴᠤ ᠦᠨᠳᠦᠰᠦᠳᠡᠨ ᠤ ᠳᠡᠤᠬᠡᠨ ᠠᠶᠠᠯᠠᠯ ᠤᠨ ᠵᠠᠶᠢᠯᠠᠰᠢ ᠦᠬᠡᠢ ᠵᠠᠮ ᠮᠦᠷ ᠪᠤᠯᠬᠤ ᠰᠠᠨ᠃ ᠢᠯᠠᠩᠭᠤᠶ᠎ᠠ 5000 ᠵᠢᠯ ᠤᠨ ᠰᠤᠶᠤᠯ ᠤᠨ ᠪᠤᠯᠪᠠᠰᠤᠨ ᠲᠠᠢ ᠳᠤᠮᠳᠠᠳᠤ ᠶᠢᠨ ᠦᠨᠳᠦᠰᠦᠳᠡᠨ ᠤ ᠤᠶᠤᠨ ᠤ ᠤᠨᠳᠤᠷᠤᠮᠠᠯ ᠪᠤᠯᠤᠭᠰᠠᠨ ᠤᠯᠠᠨ ᠤᠯᠠᠨ ᠰᠤᠩᠭᠤᠳᠠᠭ ᠤᠷᠠᠨ ᠵᠤᠬᠢᠶᠠᠯ ᠨᠢ ᠤᠨ ᠴᠠᠭ ᠤᠨ ᠬᠦᠷᠳᠦᠨ ᠳᠤ ᠡᠬᠡᠯᠵᠢᠯᠡᠭᠰᠡᠬᠡᠷ ᠬᠦᠮᠦᠨ ᠵᠤᠨ ᠤ ᠪᠡᠨ ᠳᠤᠮᠳᠠ ᠤᠯᠠᠮᠵᠢᠯᠠᠭᠳᠠᠨ᠂ ᠬᠡᠤᠬᠡᠳ ᠠᠴᠢ ᠨᠠᠷ ᠢ ᠬᠦᠮᠦᠵᠢᠬᠦᠯᠦᠨ ᠪᠤᠶᠢᠵᠢᠭᠤᠯᠤᠭᠰᠠᠭᠠᠷ ᠢᠷᠡᠵᠡᠢ᠃ ᠪᠠᠭᠠᠳᠤᠷ ᠢᠳᠡᠳᠡᠨ᠂ ᠴᠢᠬᠡᠴᠢ ᠵᠢᠷᠤᠮᠳᠠᠨ ᠤ ᠦᠯᠢᠬᠡᠷ ᠢ ᠪᠠᠬᠠᠷᠬᠠᠨ ᠤᠩᠰᠢᠬᠤ ᠪᠠᠬᠠᠳᠠᠢ ᠴᠠᠭ ᠦᠶ᠎ᠡ ᠳᠤ ᠪᠡᠨ ᠪᠠᠶᠢᠭ᠎ᠠ ᠪᠠᠭᠠᠴᠤᠳ ᠬᠡᠤᠬᠡᠳ ᠲᠤ ᠪᠡᠨ ᠰᠤᠩᠭᠤᠳᠠᠭ ᠪᠦᠳᠦᠬᠡᠯ ᠤᠨ ᠰᠢᠳᠢ ᠤᠪᠢᠳᠠᠰ ᠢᠶᠡᠷ ᠳᠠᠷᠢᠬᠢ ᠪᠡᠨ ᠴᠡᠨᠡᠭᠯᠡᠬᠦ ᠠᠵᠠ ᠳᠤᠬᠢᠶᠠᠯ ᠤᠯᠭᠤᠬᠤ ᠨᠢ ᠦᠪᠦᠷ ᠮᠤᠩᠭᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠤ ᠬᠦᠰᠡᠯ ᠳᠡᠮᠡᠤᠯᠡᠯ ᠪᠠᠶᠢᠵᠠᠢ᠃ ᠡᠳᠡᠬᠡᠷ ᠨᠤᠮ ᠬᠡᠪᠯᠡᠭᠳᠡᠨ ᠳᠠᠷᠬᠠᠭᠠᠭᠳᠠᠭᠰᠠᠨ ᠤ ᠳᠠᠷᠠᠭ᠎ᠠ ᠬᠡᠤᠬᠡᠳ ᠪᠠᠭᠠᠴᠤᠳ ᠲᠤ ᠮᠠᠰᠢ ᠳᠠᠭᠠᠯᠠᠭᠳᠠᠵᠤ᠂ ᠨᠡᠶᠢᠬᠡᠮ ᠨᠡᠶᠢᠳᠡ ᠳᠤ ᠦᠷᠬᠡᠨ ᠨᠦᠯᠦᠬᠡ ᠳᠤᠰᠬᠠᠯ ᠭᠠᠷᠴᠠᠢ᠃

ᠥᠪᠦᠷ ᠮᠤᠩᠭ᠋᠋ᠤᠯ ᠤᠨ ᠪᠠᠭᠠᠴᠤᠳ ᠬᠡᠤᠬᠡᠳ ᠤᠨ ᠬᠡᠪᠯᠡᠯ ᠤᠨ ᠬᠤᠷᠢᠶᠠᠨ ᠤ ᠨᠠᠬᠢᠶ᠎ᠠ ᠰᠡᠳᠬᠦᠯ ᠤᠨ ᠨᠠᠶᠢᠷᠠᠭᠤᠯᠤᠭᠴᠢ ᠬᠦᠴᠦᠨᠳᠤ

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119688533