蒙古文网站Logo
ᠰᠢᠨᠬᠤᠸᠠ ᠮᠤᠩᠭ᠋ᠤᠯ ᠨᠧᠲ

《ᠰᠡᠷᠭᠦᠯᠡᠩ ᠪᠦᠪᠡᠢ》ᠠᠩᠬᠠᠨ ᠤ ᠬᠦᠮᠦᠵᠢᠯ ᠦᠨ ᠪᠢᠴᠢᠭ᠌

2016-10-12 10:33

    ᠰᠤᠷᠭᠠᠭᠤᠯᠢ ᠶᠢᠨ ᠨᠠᠰᠤᠨ ᠡᠴᠡ ᠡᠮᠦᠨᠡᠬᠢ ᠡᠷᠪᠡᠢ ᠵᠢᠭᠠᠯ ᠤᠳ ᠤᠨ ᠠᠩᠬᠠᠨ ᠤ ᠬᠦᠮᠦᠵᠢᠯ ᠦᠨ ᠪᠢᠴᠢᠭ᠌ ᠪᠤᠯᠤᠭᠰᠠᠨ《ᠰᠡᠷᠭᠦᠯᠡᠩ ᠪᠦᠪᠡᠢ》ᠬᠡᠮᠡᠬᠦ ᠳᠦᠷᠪᠡᠨ ᠳᠡᠪᠳᠡᠷ ᠵᠢᠷᠤᠭᠳᠤ ᠨᠤᠮ ᠢ ᠲᠦᠷᠦᠭᠦᠬᠡᠨ ᠥᠪᠥᠷ ᠮᠣᠩᠭᠣᠯ ᠤᠨ ᠠᠷᠠᠳ ᠤᠨ ᠬᠡᠪᠯᠡᠯ ᠦᠨ ᠬᠣᠷᠢᠶᠠᠨ ᠠᠴᠠ ᠬᠡᠪᠯᠡᠭᠦᠯᠦᠨ ᠲᠠᠷᠬᠠᠭᠠᠯ᠎ᠠ᠃

    ᠲᠣᠰ ᠠᠩᠬᠠᠨ ᠤ ᠬᠦᠮᠦᠵᠢᠯ ᠦᠨ ᠪᠢᠴᠢᠭ᠌ ᠲᠤ《ᠠᠮᠢᠲᠠᠨ ᠢ ᠲᠠᠨᠢᠬᠤ》᠂ 《ᠲᠣᠭ᠎ᠠ ᠲᠠᠨᠢᠬᠤ》᠂ 《ᠥᠩᠭᠡ ᠬᠡᠯᠪᠡᠷᠢ ᠳᠦᠷᠰᠦ ᠲᠠᠨᠢᠬᠤ》᠂ 《ᠵᠢᠮᠢᠰ ᠢᠳᠡᠰᠢᠨ ᠨᠣᠭᠣᠭ᠎ᠠ ᠲᠠᠨᠢᠬᠤ》ᠵᠡᠷᠭᠡ ᠳᠥᠷᠪᠡᠨ ᠨᠣᠮ ᠪᠠᠭᠲᠠᠯᠴᠠᠵᠤ ᠲᠣᠰ ᠲᠣᠰ ᠳᠥᠴᠢ ᠭᠠᠷᠤᠢ ᠠᠮᠢᠲᠠᠨ᠂ ᠲᠣᠭ᠎ᠠ᠂ ᠥᠩᠭᠡ ᠪᠠ ᠬᠡᠯᠪᠡᠷᠢ ᠳᠦᠷᠰᠦ᠂ ᠵᠢᠮᠢᠰ ᠪᠠ ᠢᠳᠡᠰᠢᠨ ᠨᠣᠭᠣᠭ᠎ᠠ ᠪᠠᠷ ᠰᠡᠳᠦᠪᠯᠡᠨ᠂ ᠡᠳᠡᠬᠡᠷ ᠲᠠᠢ ᠬᠠᠷᠠᠭᠠᠯᠵᠠᠭᠰᠠᠨ ᠴᠡᠪᠡᠷ ᠲᠣᠳᠣ᠂ ᠠᠮᠢᠳᠤᠯᠢᠭ ᠰᠠᠶᠢᠬᠠᠨ ᠵᠢᠷᠦᠬ ᠳᠦᠷᠰᠦ ᠶᠢ ᠬᠠᠪᠰᠤᠷᠭᠠᠵᠠᠢ᠃ ᠡᠳᠡᠬᠡᠷ ᠤᠨ ᠢᠶᠡᠨ ᠨᠡᠷ᠎ᠡ ᠶᠢ  ᠪᠠᠰᠠ ᠮᠣᠩᠭᠣᠯ᠂ ᠬᠢᠲᠠᠳ᠂ ᠠᠩᠭ᠍ᠯᠢ᠂ ᠺᠢᠷᠢᠯ ᠳᠥᠷᠪᠡᠨ ᠳᠦᠷᠦᠯ ᠤᠨ ᠦᠰᠦᠭ ᠢᠶᠡᠷ ᠬᠠᠵᠠᠭᠤ ᠳᠤ ᠨᠢ ᠬᠠᠳᠠᠭᠰᠠᠨ ᠪᠠᠶᠢᠨ᠎ᠠ᠃

    《ᠰᠡᠷᠭᠦᠯᠡᠩ ᠪᠦᠪᠡᠢ》ᠨᠣᠮ ᠳᠤ ᠠᠮᠢᠯᠠᠭᠤᠯᠤᠭᠰᠠᠨ ᠠᠷᠢᠶᠠᠳᠠᠨ ᠠᠮᠢᠲᠠᠨ ᠪᠤᠯᠤᠨ ᠵᠢᠮᠢᠰ ᠢᠳᠡᠰᠢᠨ ᠨᠣᠭᠣᠭ᠎ᠠ᠂ ᠥᠩᠭᠡ ᠪᠤᠳᠤᠭ ᠬᠡᠯᠪᠡᠷᠢ ᠳᠦᠷᠰᠦ᠂ ᠲᠣᠭ᠎ᠠ ᠵᠡᠷᠬᠡ ᠨᠢ ᠬᠡᠤᠬᠡᠳ ᠤᠳ ᠤᠨ ᠬᠠᠷᠠᠭᠠᠨ ᠰᠠᠷᠠᠯ ᠳᠤ ᠰᠡᠳᠡᠯᠲᠡ ᠥᠭᠴᠦ ᠠᠷᠢᠶᠠᠳᠠᠨ ᠠᠮᠢᠲᠠᠨ᠂ ᠲᠣᠭ᠎ᠠ᠂ ᠥᠩᠭᠡ ᠪᠤᠳᠤᠭ ᠬᠡᠯᠪᠡᠷᠢ ᠳᠦᠷᠰᠦ ᠪᠤᠯᠤᠨ ᠵᠢᠮᠢᠰ ᠢᠳᠡᠰᠢᠨ ᠨᠣᠭᠣᠭ᠎ᠠ ᠶᠢᠨ ᠲᠤᠬᠠᠢ ᠣᠶᠢᠯᠠᠭᠠᠭᠳᠠᠬᠤᠨ ᠲᠠᠢ ᠪᠣᠯᠭᠠᠨ᠂ ᠲᠡᠭᠦᠨ ᠦ ᠲᠤᠬᠠᠢ ᠰᠤᠷᠤᠯᠴᠠᠬᠤ ᠤᠷᠮ᠎ᠠ ᠪᠠᠬ᠎ᠠ ᠶᠢ ᠨᠢ ᠬᠥᠭᠵᠢᠭᠡᠵᠦ ᠨᠡᠩ ᠴᠢᠨᠠᠭᠰᠢᠯᠠᠨ ᠣᠶᠤᠨ ᠤᠬᠠᠭᠠᠨ ᠢ ᠨᠢ ᠨᠡᠭᠡᠭᠡᠭᠳᠡᠭᠦᠯᠬᠦ ᠳᠦ ᠶᠡᠬᠡᠬᠡᠨ ᠠᠴᠢ ᠲᠤᠰᠠ ᠲᠠᠢ᠃ ᠡᠶᠢᠮᠦ ᠶᠢᠨ ᠳᠤᠯᠠ ᠲᠣᠰ ᠨᠣᠮ 0-3 ᠨᠠᠰᠤᠨ ᠤ ᠥᠰᠪᠦᠷᠢ ᠶᠢᠨ ᠬᠡᠦᠬᠡᠳ ᠤᠳ ᠤᠨ ᠬᠤᠪᠢ ᠳᠤ ᠳᠤᠲᠠᠭᠳᠠᠵᠤ ᠪᠣᠯᠣᠰᠢ ᠦᠭᠡᠢ ᠠᠩᠬᠠᠨ ᠤ ᠬᠦᠮᠦᠵᠢᠯ ᠦᠨ ᠲᠠᠨᠢᠨ ᠮᠡᠳᠡᠬᠦᠢ ᠶᠢᠨ ᠪᠢᠴᠢᠭ᠌ ᠪᠤᠯᠤᠨ᠎ᠠ᠃

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120701119700841