蒙古文网站Logo
ᠰᠢᠨᠬᠤᠸᠠ ᠮᠤᠩᠭ᠋ᠤᠯ ᠨᠧᠲ

ᠮᠣᠩᠭᠣᠯ ᠠᠷᠠᠳ ‍ᠤᠨ ᠠᠮᠠᠨ ᠵᠣᠬᠢᠶᠠᠯ ‍ᠤᠨ ᠴᠢᠭᠣᠯᠭᠠᠨ 《ᠪᠠᠭᠠᠷᠢᠨ ᠪᠠᠷᠠᠭᠣᠨ ᠬᠣᠰᠢᠭᠣᠨ ‍ᠤ ᠠᠮᠠᠨ ᠦᠯᠢᠭᠡᠷ 》ᠭᠡᠪᠯᠡᠭᠳᠡᠪᠡ

2017-04-20 16:54

    ᠦᠪᠦᠷ ᠮᠣᠩᠭᠣᠯ ‍ᠤᠨ ᠦᠪᠡᠷᠳᠡᠭᠡᠨ ᠵᠠᠰᠠᠬᠣ ᠣᠷᠣᠨ ‍ᠤ ᠠᠷᠠᠳ ‍ᠤᠨ ᠰᠣᠶᠣᠯ ‍ᠤᠨ ᠦᠪ ‍ᠢ ᠠᠪᠣᠷᠠᠬᠣ ᠢᠨᠵᠧᠨᠧᠷᠢᠩ ‍ᠤᠨ ᠪᠦᠳᠦᠭᠡᠯ ᠪᠤᠯᠬᠤ 《ᠦᠪᠦᠷ ᠮᠣᠩᠭᠣᠯ ‍ᠤᠨ ᠠᠷᠠᠳ ‍ᠤᠨ ᠠᠮᠠᠨ ᠦᠯᠢᠭᠡᠷ ‍ᠤᠨ ᠴᠢᠭᠣᠯᠭᠠᠨ》 ‍ᠤ《ᠪᠠᠭᠠᠷᠢᠨ ᠪᠠᠷᠠᠭᠣᠨ ᠬᠣᠰᠢᠭᠣᠨ ‍ᠤ ᠠᠮᠠᠨ ᠦᠯᠢᠭᠡᠷ》ᠪᠣᠳᠢ᠂ ᠦᠢᠷ᠎ᠡ ᠳ᠋ᠥ ᠦᠪᠦᠷ ᠮᠣᠩᠭᠣᠯ ‍ᠤᠨ ᠭᠡᠪᠯᠡᠯ ‍ᠤᠨ ᠪᠦᠯᠦᠭᠯᠡᠯ•ᠦᠪᠦᠷ ᠮᠣᠩᠭᠣᠯ ‍ᠤᠨ ᠰᠣᠷᠭᠠᠨ ᠬᠦᠮᠦᠵᠢᠯ ‍ᠤᠨ ᠭᠡᠪᠯᠡᠯ ‍ᠤᠨ ᠬᠣᠷᠢᠶ᠎ᠠ ᠡᠴᠠ ᠭᠡᠪᠯᠡᠭᠳᠡᠨ ᠲᠠᠷᠬᠠᠭᠠᠭᠳᠠᠪᠠ᠃

    ᠦᠪᠦᠷ ᠮᠤᠩᠭᠤᠯ ᠤᠨ ᠪᠠᠭᠠᠷᠢᠨ ᠪᠠᠷᠠᠭᠣᠨ ᠬᠣᠰᠢᠭᠣ ᠪᠣᠯ ᠦᠨᠢ ᠣᠳᠠᠭᠠᠨ ᠲᠡᠣᠭᠡ ᠲᠠᠢ᠂ ᠦᠪ ᠵᠣᠵᠠᠭᠠᠨ ᠰᠣᠶᠣᠯ ᠲᠠᠢ ᠣᠷᠣᠨ᠂ ᠠᠭᠣᠯᠨ ᠪᠣᠯᠭᠠᠨ ᠨᠢ ᠲᠣᠮᠣᠭ ᠲᠠᠢ᠂ ᠣᠰᠣ ᠪᠣᠯᠭᠠᠨ ᠨᠢ ᠣᠴᠢᠷᠯᠠᠯ ᠲᠠᠢ ᠭᠡᠯᠡᠭᠡᠳ ᠪᠠᠷᠠᠬᠣ ᠦᠭᠡᠢ ᠠᠮᠠᠨ ᠦᠯᠢᠭᠡᠷ᠂ ᠡᠮᠬᠢᠳᠭᠡᠭᠡᠳ ᠲᠠᠭᠣᠰᠣᠰᠢ ᠦᠭᠡᠢ ᠪᠠᠶᠠᠨ ᠰᠠᠩ ᠲᠠᠢ ᠨᠣᠳᠣᠭ ᠶᠣᠮ᠃ ᠲᠣᠰ 《 ᠪᠠᠭᠠᠷᠢᠨ ᠪᠠᠷᠠᠭᠣᠨ ᠬᠣᠰᠢᠭᠣᠨ ‍ᠤ ᠠᠮᠠᠨ ᠦᠯᠢᠭᠡᠷ》 ᠪᠣᠳᠢ ᠳ᠋ᠥ ᠨᠢᠭᠡᠨᠳᠡ ᠭᠡᠪᠯᠡᠭᠳᠡᠭᠰᠡᠨ ᠠᠯᠢ ᠣᠯᠠᠨ ᠨᠣᠮ ᠲᠡᠪᠳᠡᠷ ᠲᠤ ᠣᠷᠣᠭ᠎ᠠ ᠦᠭᠡᠢ ᠭᠣᠷᠪᠠᠨ ᠵᠠᠭᠣᠭᠠᠳ ᠠᠮᠠᠨ ᠦᠯᠢᠭᠡᠷ ‍ᠢ ᠰᠣᠩᠭᠣᠨ ᠣᠷᠣᠭᠣᠯᠵᠠᠢ᠃ ᠲᠣᠰ ᠡᠮᠬᠢᠳᠭᠡᠯ ‍ᠤᠨ ᠦᠯᠢᠭᠡᠷ ᠨᠢᠭᠡᠪᠦᠷᠢ ᠳ᠋ᠥ ᠣᠷᠣᠨ ᠨᠣᠳᠣᠭ ‍ᠤᠨ ᠠᠭᠣᠯᠨ ᠣᠰᠣᠨ ‍ᠤ ᠰᠢᠨᠵᠢ ᠲᠣᠳᠣᠷᠬᠠᠢ᠂ ᠠᠷᠠᠳ ᠮᠠᠯᠴᠢᠳ ‍ᠤᠨ ᠵᠠᠩ ᠠᠭᠠᠯᠢ᠂ ᠭᠡᠪ ᠵᠠᠩᠰᠢᠯ᠂ ᠠᠮᠢᠳᠣᠷᠡᠯ ‍ᠤᠨ ᠲᠠᠳᠬᠠᠯ ᠠᠳᠠᠯᠢ ᠪᠣᠰᠣ ᠭᠡᠮᠵᠢᠶ᠎ᠡ᠂ ᠠᠳᠠᠯᠢ ᠪᠣᠰᠣ ᠲᠠᠯ᠎ᠠ ᠡᠴᠠ ᠶᠠᠷᠢᠭᠳᠠᠨ ᠲᠣᠰᠬᠠᠭᠳᠠᠵᠣ ᠪᠠᠶᠢᠳᠠᠭ ‍ᠢᠶ᠋ᠡᠷ ‍ᠢᠶ᠋ᠡᠨ ᠦᠪ ᠰᠣᠶᠣᠯ ‍ᠢᠶ᠋ᠡᠨ ᠵᠠᠯᠭᠠᠮᠵᠢᠯᠠᠨ ᠬᠠᠮᠠᠭᠠᠯᠠᠬᠣ ᠪᠠ ᠪᠠᠭᠠᠷᠢᠨ ᠨᠣᠳᠣᠭ ‍ᠤᠨ ᠰᠣᠶᠣᠯ ᠲᠡᠣᠭᠡ᠂ ᠪᠠᠶᠢᠭᠠᠯᠢ ᠣᠷᠴᠢᠨ᠂ ᠬᠦᠮᠦᠨ ᠠᠷᠠᠳ ‍ᠤᠨ ᠶᠣᠰᠣ ᠵᠠᠩᠰᠢᠯ ‍ᠢ ᠰᠣᠳᠣᠯᠬᠣ ᠳ᠋ᠥ ᠮᠠᠰᠢ ᠦᠨ᠎ᠡ ᠴᠡᠨ᠎ᠡ ᠲᠠᠢ ᠮᠠᠲ᠋ᠧᠷᠢᠶᠠᠯ ᠪᠣᠯᠬᠣ ᠶᠣᠮ᠃

    《ᠪᠠᠭᠠᠷᠢᠨ ᠪᠠᠷᠠᠭᠣᠨ ᠬᠣᠰᠢᠭᠣᠨ ‍ᠤ ᠠᠮᠠᠨ ᠦᠯᠢᠭᠡᠷ》 ‍ᠢ ᠤᠯᠠᠭᠠᠨᠬᠠᠳᠠ ᠬᠤᠳᠠ ᠶᠢᠨ ᠪᠠᠭᠠᠷᠢᠨ ᠪᠠᠷᠠᠭᠣᠨ ᠬᠣᠰᠢᠭᠣᠨ ‍ᠤ ᠦᠨᠳᠦᠰᠦᠳᠡᠨ ᠱᠠᠰᠢᠨ ᠰᠣᠷᠳᠠᠬᠣᠨ ‍ᠤ ᠲᠣᠪᠴᠢᠶᠠᠨ ᠳ᠋ᠥ ᠠᠯᠪᠠ ᠲᠠᠢ᠂ 《ᠴᠠᠭᠠᠨ ᠮᠦᠷᠡᠨ》 ᠰᠡᠳᠭᠦᠯ ‍ᠤᠨ ᠭᠣᠣᠯᠯᠠᠨ ᠨᠠᠶᠢᠷᠠᠭᠣᠯᠣᠭᠴᠢ᠂ 《ᠱᠠᠭᠳᠠᠷ ‍ᠤᠨ ᠠᠮᠠᠨ ᠵᠣᠬᠢᠶᠠᠯ》᠂《ᠰᠡᠴᠡᠨ ᠲᠡᠭᠡᠳᠣ ᠬᠦᠷᠦᠨ ᠬᠦᠩᠵᠣ ᠶ᠋ᠢᠨ ᠰᠣᠶᠣᠯ》᠂《ᠭᠡᠰᠡᠷ ᠰᠣᠶᠣᠯ》 ‍ᠤᠨ ᠲᠦᠯᠦᠭᠡᠯᠡᠭᠴᠢ ᠦᠪᠯᠡᠨ ᠣᠯᠠᠮᠵᠢᠯᠠᠭᠴᠢ ᠭ•ᠮᠦᠩᠭᠡᠵᠢᠷᠭᠠᠯ ᠪᠣᠯᠣᠨ ᠴᠡᠷᠢᠭ ᠡᠴᠠ ᠬᠠᠯᠠᠭᠳᠠᠭᠰᠠᠨ ᠠᠬᠠᠮᠠᠳ ᠺᠠᠳ᠋ᠷ᠂ ᠣᠣᠯ ‍ᠤᠨ《ᠮᠠᠯᠴᠢᠳ ‍ᠤᠨ ᠰᠣᠨᠢᠨ》 ‍ᠤ ᠶᠡᠷᠣᠩᠭᠡᠢ ᠨᠠᠶᠢᠷᠠᠭᠣᠯᠣᠭᠴᠢ ᠠᠭᠰᠠᠨ ᠡ‍•ᠪᠣᠯᠣᠨᠴᠠᠭᠠᠨ ᠬᠣᠶᠠᠭᠣᠯᠨ ᠡᠮᠬᠢᠳᠭᠡᠨ ᠨᠠᠶᠢᠷᠠᠭᠣᠯᠵᠣ᠂ ᠪᠠᠭᠠᠷᠢᠨ ᠪᠠᠷᠠᠭᠣᠨ ᠬᠣᠰᠢᠭᠣᠨ ‍ᠤ ᠨᠠᠮ ‍ᠤᠨ ᠬᠣᠷᠢᠶ᠎ᠠ ᠶ᠋ᠢᠨ ᠣᠬᠠᠭᠣᠯᠬᠣ ᠭᠡᠯᠳᠡᠰ ‍ᠤᠨ ᠲᠡᠳ᠋ ᠲᠠᠷᠣᠭ᠎ᠠ᠂ ᠪᠠᠭᠠᠷᠢᠨ ᠪᠠᠷᠠᠭᠣᠨ ᠬᠣᠰᠢᠭᠣᠨ ‍ᠤ ᠣᠳᠬ᠎ᠠ ᠣᠷᠠᠯᠢᠭ ‍ᠤᠨ ᠬᠢᠨ ‍ᠤ ᠬᠣᠯᠪᠣᠭ᠎ᠠ ᠶ᠋ᠢᠨ ᠲᠡᠷᠢᠬᠦᠯᠡᠭᠴᠢ ᠳ᠋•ᠣᠶᠣᠨᠳᠠᠯᠠᠢ ᠣᠷᠣᠰᠢᠯ ᠪᠢᠴᠢᠵᠠᠢ᠃ (ᠬᠦᠬᠡᠳᠠᠪᠠᠯᠭᠠᠨ )

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
关闭
010070230030000000000000011120701120845759