蒙古文网站Logo
ᠰᠢᠨᠬᠤᠸᠠ ᠮᠤᠩᠭ᠋ᠤᠯ ᠨᠧᠲ

ᠠᠩᠭ᠍ᠯᠢ ᠬᠡᠯᠡᠨ ᠡᠴᠡ ᠰᠢᠭᠤᠳ ᠮᠤᠩᠭᠤᠯ ᠬᠡᠯᠡᠨ ᠳᠦ ᠤᠷᠴᠢᠭᠤᠯᠤᠭᠰᠠᠨ《ᠡᠪᠦᠭᠡᠨ ᠪᠠ ᠳᠠᠯᠠᠢ》ᠬᠡᠪᠯᠡᠭᠳᠡᠯ᠎ᠡ

2017-05-17 11:12

   ᠤᠶᠢᠷ᠎ᠠ ᠳᠤ᠂ ᠪᠡᠭᠡᠵᠢᠩ ᠶᠡᠬᠡ ᠰᠤᠷᠭᠠᠭᠤᠯᠢ ᠶᠢᠨ ᠫᠷᠤᠹᠧᠰᠰᠤᠷ ᠳᠤᠯᠠᠭᠠᠨ ᠤ ᠠᠩᠭ᠍ᠯᠢ ᠬᠡᠯᠡᠨ ᠡᠴᠡ ᠰᠢᠭᠤᠳ ᠮᠤᠩᠭᠤᠯ ᠬᠡᠯᠡᠨ ᠳᠦ ᠤᠷᠴᠢᠭᠤᠯᠤᠭᠰᠠᠨ 《ᠡᠪᠦᠭᠡᠨ ᠪᠠ ᠳᠠᠯᠠᠢ》 ᠶ᠋ᠢ ᠦᠪᠦᠷ ᠮᠤᠩᠭᠤᠯ ᠤᠨ ᠪᠠᠭᠠᠴᠤᠳ ᠬᠡᠦᠬᠡᠳ ᠤᠨ ᠬᠡᠪᠯᠡᠯ ᠤᠨ ᠬᠤᠷᠢᠶ᠎ᠠ ᠡᠴᠡ ᠬᠡᠪᠯᠡᠵᠦ ᠮᠤᠩᠭᠤᠯ ᠤᠩᠰᠢᠭᠴᠢᠳ ᠤᠨ ᠢᠶᠡᠨ ᠭᠡᠭᠡᠨ ᠮᠡᠯᠮᠡᠢ ᠳᠦ ᠬᠦᠷᠭᠡᠵᠦ ᠪᠠᠶᠢᠨ᠎ᠠ᠃

    《ᠤᠳᠠᠰᠤ ᠭᠠᠷ ᠤᠨ ᠠᠯᠠᠭ᠎ᠠ ᠶᠢ ᠭᠠᠯ ᠭᠠᠷᠲᠠᠯ᠎ᠠ ᠦᠷᠦᠮᠳᠡᠨ ᠭᠠᠳᠠᠭᠰᠢ ᠰᠤᠮᠤᠳᠠᠨ ᠭᠦᠶᠦᠵᠦ ᠪᠠᠢᠶᠯ᠎ᠠ…》᠂ 《ᠵᠢᠭᠠᠰᠤ ᠤᠶᠠᠭ᠎ᠠ ᠲᠤᠭᠤᠷᠢᠨ ᠡᠷᠭᠢᠬᠦ…》᠂ 《ᠡᠪᠦᠭᠡᠨ ᠪᠢ ᠰᠡᠭᠦᠳᠡᠷ ᠡᠴᠡ ᠪᠠᠨ ᠦᠭᠡᠷ᠎ᠡ ᠬᠠᠨᠢ ᠦᠭᠡᠢ ᠭᠡᠬᠦ ᠳᠦ ᠵᠢᠭᠠᠰᠤ ᠴᠢ ᠴᠦ ᠰᠡᠭᠦᠯ ᠡᠴᠡ ᠪᠠᠨ ᠦᠭᠡᠷ᠎ᠡ ᠨᠦᠬᠦᠷ ᠦᠭᠡᠢ ᠳ᠋ᠠ…》᠂ 《ᠲᠠᠩᠭᠢᠰ ᠤᠨ ᠮᠠᠨᠳᠠᠯ ᠠᠭᠤᠯᠠ ᠰᠢᠭ᠋ ᠤᠪᠤᠶᠢᠨ ᠡᠷᠭᠦᠭᠳᠡᠵᠦ…》᠂《ᠤᠰᠤ ᠬᠠᠭᠠᠷᠠᠨ ᠢᠷᠠᠭᠳᠠᠬᠤ ᠨᠦᠰᠡᠷ ᠪᠢᠲᠡᠭᠦᠦ ᠳᠠᠭᠤᠨ ᠪᠤᠯᠤᠨ… ᠤᠰᠤ ᠴᠠᠯᠭᠢᠬᠤ ᠬᠦᠨᠳᠦ ᠱᠤᠤᠭᠢᠶᠠᠨ…》ᠭᠡᠬᠦ ᠵᠡᠷᠭᠡ ᠮᠤᠩᠭᠤᠯᠵᠢᠭᠤ᠂ ᠤᠷᠤᠰᠤᠮ᠎ᠠ ᠬᠡᠯᠡᠯᠭᠡ ᠨᠤᠭᠦᠳ ᠨᠢ ᠤᠤᠯ ᠪᠦᠲᠦᠭᠡᠯ ᠤᠨ ᠤᠳᠬ᠎ᠠ ᠰᠠᠨᠠᠭ᠎ᠠ ᠶᠢ ᠤᠷᠠᠨ ᠰᠠᠶᠢᠬᠠᠨ ᠢᠯᠡᠳᠬᠡᠵᠦ ᠴᠢᠳᠠᠭᠰᠠᠨ ᠮᠦᠷᠲᠡᠭᠡᠨ ᠾᠧᠮᠢᠩᠧᠧᠢ ᠶᠢᠨ ᠵᠤᠬᠢᠶᠠᠯ ᠤᠨ ᠪᠤᠷᠤᠭᠵᠢᠭᠤᠨ ᠠᠪᠰᠠᠷ ᠬᠡᠯᠡ ᠬᠡᠯᠡᠯᠭᠡ ᠶᠢᠨ ᠬᠡᠪ ᠨᠠᠮᠪᠠ ᠶᠢ ᠲᠡᠷᠡ ᠶᠤᠰᠤᠭᠠᠷ ᠨᠢ ᠬᠠᠳᠠᠭᠠᠯᠠᠵᠠᠢ᠃ ᠡᠨᠡ ᠨᠢ ᠴᠢᠪ ᠬᠡᠮᠡᠨ ᠲᠤᠰ ᠪᠦᠲᠦᠭᠡᠯ ᠢ ᠠᠩᠭ᠍ᠯᠢ ᠬᠡᠯᠡᠨ ᠡᠴᠡ ᠨᠢ ᠰᠢᠭᠤᠳ ᠮᠤᠩᠭᠤᠯ ᠬᠡᠯᠡᠨ ᠳᠦ ᠪᠠᠭᠤᠯᠭᠠᠭᠰᠠᠨ ᠤ ᠬᠢᠨᠢ ᠵᠢᠩᠬᠢᠨᠢ ᠦᠨ᠎ᠡ ᠦᠷᠲᠡᠭ ᠪᠠᠶᠢᠵᠦ ᠲᠠᠭᠠᠷᠠᠨ᠎ᠠ᠃ ᠮᠤᠩᠭᠤᠯ ᠬᠡᠯᠡᠨ ᠤ ᠦᠭᠡᠰ ᠤᠨ ᠰᠠᠩ ᠤᠨ ᠪᠠᠶᠠᠨ ᠨᠦᠭᠡᠴᠡ ᠲᠠᠢ ᠭᠡᠳᠡᠭ ᠢ ᠲᠤᠰ ᠤᠷᠴᠢᠭᠤᠯᠭ᠎ᠠ ᠡᠴᠡ ᠤᠶᠢᠯᠠᠭᠠᠵᠦ ᠪᠤᠯᠤᠨ᠎ᠠ᠃

    ᠡᠭᠦᠨ ᠡᠴᠡ ᠡᠮᠦᠨ᠎ᠡ᠂ ᠤᠷᠴᠢᠭᠤᠯᠤᠭᠴᠢ ᠡᠦ ᠯᠤᠤ ᠶᠢᠨ ᠬᠢᠲᠠᠳ ᠬᠡᠪᠯᠡᠯ ᠢ ᠮᠤᠩᠭᠤᠯ ᠢᠶᠡᠷ ᠤᠷᠴᠢᠭᠤᠯᠤᠭᠰᠠᠨ ᠬᠡᠪᠯᠡᠯ᠂ ᠮᠤᠩᠭᠤᠯ ᠤᠯᠤᠰ ᠤᠨ ᠰ •ᠰᠠᠨᠳᠠᠭᠳᠤᠷᠵᠢ ᠶᠢᠨ ᠤᠷᠤᠰ ᠬᠡᠯᠡᠨ ᠡᠴᠡ ᠳᠠᠮ ᠤᠷᠴᠢᠭᠤᠯᠤᠭᠰᠠᠨ ᠺᠢᠷᠢᠯ ᠦᠰᠦᠭ ᠤᠨ ᠬᠡᠪᠯᠡᠯ ᠢ ᠳᠠᠬᠢᠨ ᠤᠶᠢᠭᠤᠷᠵᠢᠨ ᠮᠤᠩᠭᠤᠯ ᠪᠢᠴᠢᠭ᠌ ᠲᠦ ᠬᠦᠷᠪᠡᠭᠦᠯᠦᠭᠰᠡᠨ ᠬᠡᠪᠯᠡᠯ᠂ ᠮᠤᠩᠭᠤᠯ ᠤᠯᠤᠰ ᠤᠨ ᠠᠯᠳᠠᠷᠲᠤ ᠤᠷᠴᠢᠭᠤᠯᠤᠭᠴᠢ ᠭᠤᠳᠤᠪ ᠤᠨ ᠠᠺᠢᠮ ᠭᠤᠧᠠᠢ ᠶᠢᠨ ᠠᠩᠭ᠍ᠯᠢ ᠬᠡᠯᠡᠨ ᠡᠴᠡ ᠤᠷᠴᠢᠭᠤᠯᠤᠭᠰᠠᠨ《ᠡᠪᠦᠭᠡᠨ᠂ ᠳᠠᠯᠠᠢ》ᠵᠡᠷᠬᠡ ᠮᠤᠩᠭᠤᠯ ᠬᠡᠪᠯᠡᠯ ᠤᠳ ᠭᠠᠷᠴᠤ ᠦᠩᠭᠡᠷᠡᠵᠠᠢ᠃

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠰᠣᠶᠤᠯ ᠤᠷᠠᠯᠢᠭ

  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
  • ᠴᠢᠩᠬᠢᠰ ᠬᠠᠭᠠᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠶᠠᠪᠤᠭᠳᠠᠪᠠ
  • ᠤᠷᠠᠨ ᠤᠨᠭᠰᠢᠯᠭ᠎ᠠ ᠶᠢᠨ ᠦᠷᠦᠭᠡ ᠨᠢ ᠬᠦᠮᠦᠰ ᠤᠨ ᠬᠦᠷᠢᠶᠡᠯᠡᠯ ᠢ ᠤᠯᠪᠠ
关闭
010070230030000000000000011120701120986612