蒙古文网站Logo
ᠰᠢᠨᠬᠤᠸᠠ ᠮᠤᠩᠭ᠋ᠤᠯ ᠨᠧᠲ

《ᠰᠡᠳᠬᠢᠯ•ᠤᠬᠠᠭᠠᠷᠠᠯ•ᠠᠮᠢᠳᠤᠷᠠᠯ》ᠰᠢᠷᠢᠰ ᠲᠠ ᠪᠦᠬᠦᠨ ᠦ ᠠᠯᠠᠭᠠᠨ ᠳᠡᠬᠡᠷ᠎ᠡ ᠳᠠᠯᠪᠢᠭᠳᠠᠬᠤ ᠳ᠋ᠤ ᠪᠡᠯᠡᠬᠡᠨ ᠪᠤᠯᠤᠯ᠎ᠠ

2017-06-14 13:11

    ᠮᠠᠨ ᠤ ᠤᠯᠤᠰ ᠦᠭᠡᠷᠡᠴᠢᠯᠡᠯᠲᠡ ᠬᠢᠵᠦ ᠴᠢᠯᠦᠭᠡᠲᠡᠢ ᠶᠠᠪᠤᠯᠴᠠᠭᠰᠠᠨ ᠡᠴᠠ ᠨᠠᠭᠠᠰᠢ ᠤᠯᠤᠰ ‍ᠤᠨ ᠶᠡᠷᠦᠩᠬᠡᠢ ᠬᠦᠴᠦᠨ ᠮᠡᠳᠡᠭᠳᠡᠬᠦᠶᠢᠴᠡ ᠳᠡᠭᠡᠭᠰᠢᠯᠡᠨ᠂ ᠠᠷᠠᠳ ‍ᠤᠨ ᠠᠮᠢᠳᠤᠷᠠᠯ ‍ᠤᠨ ᠲᠦᠪᠰᠢᠨ ᠡᠳᠦᠷ ᠡᠴᠠ ᠡᠳᠦᠷ ᠰᠠᠶᠢᠵᠢᠷᠠᠵᠤ᠂ ᠪᠠᠶᠠᠨ ᠬᠦᠴᠦᠷᠬᠡᠭ᠂ ᠪᠤᠯᠪᠠᠰᠤᠨ᠂ ᠠᠷᠠᠳᠴᠢᠯᠠᠯ ᠲᠡᠢ ᠰᠢᠨ᠎ᠡ ᠨᠡᠶᠢᠭᠡᠮ ᠳ᠋ᠥ ᠳᠠᠪᠰᠢᠨ ᠤᠷᠤᠬᠤ ᠰᠢᠪᠲᠤᠯᠤᠯᠲᠠ ᠶ᠋ᠢᠨ ᠴᠢᠨᠠᠷᠲᠠᠢ ᠴᠠᠭ ᠦᠶ᠎ᠡ ᠬᠦᠷᠴᠦ ᠢᠷᠡᠯ᠎ᠡ᠃ ᠡᠶᠢᠨᠬᠦ ᠦᠪᠦᠷ ᠮᠤᠩᠭᠤᠯ ‍ᠤᠨ ᠠᠷᠠᠳ ‍ᠤᠨ ᠬᠡᠪᠯᠡᠯ ‍ᠤᠨ ᠬᠤᠷᠢᠶ᠎ᠠ ᠨᠢ ᠴᠠᠭ ᠦᠶ᠎ᠡ ᠶ᠋ᠢᠨ ᠱᠠᠭᠠᠷᠳᠠᠯᠭ᠎ᠠ ᠶ᠋ᠢ ᠲᠡᠦᠬᠡ ᠶ᠋ᠢᠨ ᠵᠢᠮ᠎ᠡ ᠶᠤᠰᠤ ᠯᠤᠭ᠎ᠠ ᠨᠡᠶᠢᠴᠡᠭᠦᠯᠵᠦ᠂ ᠢᠷᠭᠡᠨ ᠤ ᠬᠡᠷᠡᠭᠴᠡᠭᠡ ᠶ᠋ᠢ ᠲᠦᠷᠦ ᠶ᠋ᠢᠨ ᠪᠤᠳᠤᠯᠭ᠎ᠠ ᠲᠡᠢ ᠤᠶᠠᠯᠳᠤᠭᠤᠯᠬᠤ ᠵᠠᠷᠴᠢᠮ ᠳᠤᠤᠷ᠎ᠠ ᠵᠤᠯ ᠵᠢᠷᠭᠠᠯ᠂ ᠠᠮᠵᠢᠯᠲᠠ ᠪᠦᠲᠦᠭᠡᠯ᠂ ᠠᠮᠢᠳᠤᠷᠠᠯ ‍ᠤᠨ ᠤᠳᠬ᠎ᠠ ᠠᠭᠤᠯᠭ᠎ᠠ᠂ ᠠᠮᠢ ᠨᠠᠰᠤᠨ ᠤ ᠦᠨ᠎ᠡ ᠴᠡᠨ᠎ᠡ ᠶ᠋ᠢ ᠵᠦᠪ ᠡᠨᠧᠷᠭᠢ ᠪᠠᠷ ᠤᠬᠠᠭᠤᠯᠤᠨ ᠰᠤᠷᠲᠠᠯᠴᠢᠯᠠᠵᠤ᠂ ᠡᠷᠢᠨ ᠰᠦᠪᠡᠭᠴᠢᠯᠡᠭᠰᠡᠨ ᠠᠭᠤᠯᠭ᠎ᠠ ᠪᠦᠬᠦᠢ ᠭᠤᠤᠯ ᠰᠡᠳᠦᠪᠲᠦ ᠨᠤᠮ《ᠰᠡᠳᠭᠢᠯ᠂ ᠤᠬᠠᠭᠠᠷᠠᠯ᠂ ᠠᠮᠢᠳᠤᠷᠠᠯ》ᠰᠢᠷᠢᠰ ‍ᠢ ᠰᠠᠨᠠᠭᠠᠴᠢᠯᠠᠨ᠂ ᠤᠩᠰᠢᠭᠴᠢ ᠲᠦᠮᠡᠨ ᠤ ᠪᠠᠨ ᠭᠡᠭᠡᠨ ᠮᠡᠯᠮᠡᠢ ᠳ᠋ᠥ ᠬᠦᠷᠭᠡᠬᠦ ᠪᠡᠷ ᠪᠡᠯᠡᠨ ᠪᠤᠯᠤᠭᠰᠠᠨ ᠶᠤᠮ᠃

    ᠲᠤᠰ ᠴᠤᠪᠤᠷᠠᠯ ᠨᠤᠮ ‍ᠤᠨ ᠠᠩᠬᠠᠨ ᠤ ᠭᠠᠷᠤᠭᠠᠨ ᠳ᠋ᠤ ᠲᠠᠪᠤᠨ ᠨᠤᠮ ‍ᠢ ᠤᠩᠰᠢᠭᠴᠢᠳ ᠲᠠᠭᠠᠨ ᠡᠷᠭᠦᠨ ᠪᠠᠷᠢᠨ᠎ᠠ᠃ ᠡᠨᠡ ᠨᠢ ᠲᠤᠰ ᠲᠤᠰ ᠬᠦᠮᠦᠨᠪᠤᠰᠤ ᠶ᠋ᠢᠨ《ᠤᠬᠠᠭᠠᠨ ᠤ ᠶᠦᠷᠭᠡᠭᠡ》᠂ ᠤᠷᠠᠩᠭᠤᠸ᠎ᠠ ᠶ᠋ᠢᠨ 《ᠵᠤᠯ ᠵᠢᠷᠭᠠᠯ ‍ᠤᠨ ᠮᠡᠳᠡᠷᠡᠮᠵᠢ》᠂《ᠪᠠᠶᠠᠷ ᠪᠠᠶᠠᠰᠤᠯᠲᠤ ᠰᠡᠳᠭᠢᠯᠭᠡ》᠂ ᠤ•ᠠᠯᠲᠠᠩᠭᠤᠸ᠎ᠠ ᠶ᠋ᠢᠨ《ᠡᠪᠡᠰᠦᠨ ᠤ ᠦᠨᠦᠷ》᠂ (ᠮᠤᠩᠭᠤᠯ ᠤᠯᠤᠰ)ᠷ•ᠨᠢᠮᠠᠳᠤᠷᠵᠢ ᠶ᠋ᠢᠨ《ᠶᠠᠭᠠᠬᠢᠵᠤ ᠵᠢᠷᠭᠠᠬᠤ ᠪᠤᠢ》ᠵᠡᠷᠭᠡ ᠪᠤᠯᠤᠨ᠎ᠠ᠃ ᠬᠦᠮᠦᠨᠪᠤᠰᠤ ᠶ᠋ᠢᠨ《ᠤᠬᠠᠭᠠᠨ ᠤ ᠶᠦᠷᠭᠡᠭᠡ》ᠨᠤᠮ ᠳᠤ ᠵᠤᠬᠢᠶᠠᠭᠴᠢ ᠶᠢᠨ ᠰᠡᠬᠦᠯ ᠤᠨ ᠵᠢᠯ ᠤᠳ ᠲᠤ ᠳᠤᠭᠤᠷᠪᠢᠭᠰᠠᠨ ᠰᠤᠯᠠ ᠳᠡᠮᠳᠡᠭᠯᠡᠯ ᠤᠳ ᠢ ᠬᠠᠮᠤᠷᠤᠭᠰᠠᠨ ᠪᠤᠯ᠂ ᠤᠷᠠᠩᠭᠤᠸ᠎ᠠ ᠶ᠋ᠢᠨ《ᠵᠤᠯ ᠵᠢᠷᠭᠠᠯ ‍ᠤᠨ ᠮᠡᠳᠡᠷᠡᠮᠵᠢ》ᠬᠢᠬᠡᠳ《ᠪᠠᠶᠠᠷ ᠪᠠᠶᠠᠰᠤᠯᠲᠤ ᠰᠡᠳᠭᠢᠯᠭᠡ》ᠨᠤᠮ ᠳᠤ ᠵᠤᠬᠢᠶᠠᠭᠴᠢ ᠡᠴᠡ ᠠᠮᠢᠳᠤᠷᠠᠯ ᠳᠤᠮᠳᠠ ᠳᠤᠬᠢᠶᠠᠯᠳᠤᠭᠰᠠᠨ ᠠᠯᠢᠪᠠ ᠵᠢᠵᠢᠭ᠌ ᠰᠡᠵᠢᠬ ᠵᠦᠢᠯ ᠢᠶᠡᠨ ᠦᠯᠢᠬᠡᠷᠯᠡᠨ᠂ ᠤᠩᠰᠢᠭᠴᠢ ᠲᠠᠢ ᠪᠡᠨ ᠰᠡᠳᠬᠢᠭᠳᠡᠯ ᠢᠶᠡᠨ ᠬᠤᠪᠢᠶᠠᠯᠴᠠᠬᠤ ᠶᠢ ᠵᠤᠷᠢᠵᠠᠢ᠃ ᠤ•ᠠᠯᠲᠠᠩᠭᠤᠸ᠎ᠠ ᠶ᠋ᠢᠨ《ᠡᠪᠡᠰᠦᠨ ᠤ ᠦᠨᠦᠷ》ᠨᠤᠮ ᠨᠢ ᠵᠤᠯ ᠵᠢᠷᠭᠠᠯ ᠢᠶᠡᠷ ᠭᠤᠤᠯ ᠰᠡᠳᠦᠪ ᠪᠤᠯᠭᠠᠭᠰᠠᠨ ᠤᠶᠠᠩᠭ᠎ᠠ ᠶᠢᠨ ᠨᠠᠶᠢᠷᠠᠭᠤᠯᠤᠯ ᠪᠠᠶᠢᠵᠤ᠂ ᠤᠩᠰᠢᠭᠰᠠᠨ ᠬᠦᠮᠦᠨ ᠪᠦᠷᠢ ᠳᠤ ᠦᠪᠡᠷ ᠤᠨ ᠡᠷᠬᠡ ᠦᠬᠡᠢ ᠠᠮᠢᠳᠤᠷᠠᠯ ᠠᠬᠤᠢ ᠪᠡᠨ ᠨᠠᠨᠳᠢᠩᠨᠠᠨ ᠬᠠᠶᠢᠷᠠᠯᠠᠬᠤ ᠰᠡᠳᠬᠢᠭᠳᠡᠯ ᠳᠦᠷᠦᠬᠦᠯᠦᠨ᠂ ᠵᠢᠩᠬᠢᠨᠢ ᠵᠤᠯ ᠵᠢᠷᠭᠠᠯ ᠤᠨ ᠦᠨᠦᠷ ᠠᠮᠳᠠ ᠶᠢ ᠮᠡᠳᠡᠷᠡᠬᠦᠯᠬᠦ ᠪᠤᠯᠤᠨ᠎ᠠ᠃ ᠷ•ᠨᠢᠮᠠᠳᠤᠷᠵᠢ ᠶ᠋ᠢᠨ《ᠶᠠᠭᠠᠬᠢᠵᠤ ᠵᠢᠷᠭᠠᠬᠤ ᠪᠤᠢ》ᠨᠤᠮ ᠨᠢ ᠵᠤᠯ ᠵᠢᠷᠭᠠᠯ ᠤᠨ ᠤᠨᠤᠯ᠂ ᠵᠤᠯ ᠵᠢᠷᠭᠠᠯᠳᠤ ᠬᠡᠷ ᠪᠦᠯᠢ᠂ ᠠᠮᠢᠳᠤᠷᠠᠯ ᠤᠨ ᠤᠳᠬ᠎ᠠ ᠠᠭᠤᠯᠭ᠎ᠠ᠂ ᠠᠯᠳᠠᠭ᠎ᠠ ᠤᠨᠤᠭ᠎ᠠ ᠶᠢᠨ ᠤᠶᠢᠯᠠᠭᠠᠯᠳᠠ ᠬᠡᠮᠡᠬᠦ ᠳᠦᠷᠪᠡᠨ ᠪᠦᠯᠦᠭ ᠢᠶᠡᠷ ᠪᠦᠷᠢᠯᠳᠦᠵᠡᠢ᠃ ᠳᠤᠰ ᠨᠤᠮ ᠨᠢ ᠮᠦᠨ ᠵᠤᠯ ᠵᠢᠷᠭᠠᠯ ᠤᠨ ᠤᠨᠤᠯ ᠤᠨ ᠳᠤᠭᠤᠷᠢᠨ ᠳᠤ ᠠᠮᠢᠳᠤᠷᠠᠯ᠂ ᠠᠵᠢᠯ᠂ ᠵᠤᠯ ᠵᠢᠷᠭᠠᠯ᠂ ᠬᠡᠷ ᠪᠦᠯᠢ ᠵᠡᠷᠬᠡ ᠳᠤ ᠤᠨᠴᠠᠭᠠᠢ ᠤᠶᠢᠯᠠᠭᠠᠯᠳᠠ᠂ ᠳᠠᠶᠢᠯᠪᠤᠷᠢ ᠬᠢᠭᠰᠡᠨ ᠪᠠᠶᠢᠨ᠎ᠠ᠃

    ᠬᠠᠶᠢᠷ᠎ᠠ ᠰᠡᠳᠭᠢᠯ ‍ᠢᠶ᠋ᠡᠷ ᠠᠮᠢᠳᠤᠷᠠᠯ ᠦᠶᠦᠭᠰᠢᠵᠦ᠂ ᠭᠡᠭᠡᠷᠡᠯ ᠤᠬᠠᠭᠠᠷᠠᠯ ‍ᠢᠶ᠋ᠡᠷ ᠬᠡᠢ ᠮᠤᠷᠢ ᠮᠠᠨᠳᠤᠨ᠎ᠠ᠃ ᠵᠦᠪ ᠶᠢᠷᠲᠢᠨᠴᠦ ᠶ᠋ᠢᠨ ᠦᠵᠡᠯᠲᠡ ᠪᠠ ᠠᠮᠢᠳᠤᠷᠠᠬᠤᠢ ᠶ᠋ᠢᠨ ᠦᠵᠡᠯᠲᠡ ᠨᠢ ᠬᠡᠵᠢᠶᠡᠳᠡ ᠠᠮᠵᠢᠯᠲᠠ ᠪᠦᠲᠦᠭᠡᠯ ‍ᠤᠨ ᠬᠤᠷᠤᠢ᠂ ᠵᠤᠯ ᠵᠢᠷᠭᠠᠯ ‍ᠤᠨ ᠤᠷᠠᠢ ᠰᠠᠨ᠃ ᠲᠤᠰ ᠴᠤᠪᠤᠷᠠᠯ ᠨᠤᠮ ᠲᠠ ᠪᠦᠬᠦᠨ ‍ᠢ ᠭᠡᠭᠡᠨ ᠰᠠᠷᠠᠭᠤᠯ ᠢᠷᠡᠭᠡᠳᠦᠢ ᠲᠡᠶᠢᠰᠢ ᠬᠦᠲᠦᠯᠵᠤ ᠠᠵᠠ ᠵᠢᠷᠭᠠᠯ ‍ᠤᠨ ᠬᠤᠷᠤᠢ᠂ ᠠᠮᠵᠢᠯᠲᠠ ᠪᠦᠲᠦᠭᠡᠯ ‍ᠤᠨ ᠤᠷᠠᠢ ᠪᠤᠯᠬᠤ ᠪᠤᠯᠤᠭᠠᠰᠠᠢ!

 

 

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121141630