蒙古文网站Logo
ᠰᠢᠨᠬᠤᠸᠠ ᠮᠤᠩᠭ᠋ᠤᠯ ᠨᠧᠲ

《 ᠲᠤᠮᠲᠠᠲᠤ ᠤᠯᠤᠰ ᠤᠨ ᠦᠨᠳᠦᠰᠦᠲᠡᠨ ᠤ ᠨᠡᠪᠲᠡᠷᠬᠡᠢ ᠲᠤᠯᠢ》 ᠬᠡᠪᠯᠡᠭᠲᠡᠪᠡ

2017-08-04 10:44

    ᠰᠢᠨᠬᠤᠧᠠ ᠬᠤᠷᠢᠶ᠎ᠠ   ᠪᠡᠭᠡᠵᠢᠩ ᠤᠨ 8 ᠰᠠᠷ᠎ᠠ ᠶᠢᠨ 3 ᠤ ᠡᠲᠦᠷ ᠤᠨ ᠴᠠᠬᠢᠯᠭᠠᠨ ᠮᠡᠲᠡᠭᠡ ( ᠰᠤᠷᠪᠤᠯᠵᠢᠯᠠᠭᠴᠢ ᠿᠦᠩ ᠴᠢ ᠬᠠᠨ ) 18 ᠵᠢᠯ ᠤᠨ ᠴᠠᠭ  ᠵᠠᠷᠤᠴᠠᠭᠤᠯᠵᠤ ᠨᠠᠶᠢᠷᠠᠭᠤᠯᠤᠭᠰᠠᠨ ᠮᠠᠨ ᠤ ᠤᠯᠤᠰ ᠤᠨ ᠬᠠᠮᠤᠭ ᠤᠨ ᠠᠩᠬᠠᠨ ᠤ ᠦᠨᠳᠦᠰᠦᠲᠡᠨ ᠤ ᠨᠡᠪᠲᠡᠷᠬᠡᠢ ᠲᠤᠯᠢ《 ᠲᠤᠮᠲᠠᠲᠤ ᠤᠯᠤᠰ ᠤᠨ ᠦᠨᠳᠦᠰᠦᠲᠡᠨ ᠤ ᠨᠡᠪᠲᠡᠷᠬᠡᠢ ᠲᠤᠯᠢ》 ᠶ᠋ᠢ ᠰᠡᠬᠦᠯ ᠤᠨ ᠦᠶ᠎ᠠ ᠳ᠋ᠤ ᠲᠤᠮᠲᠠᠲᠤ ᠤᠯᠤᠰ ᠤᠨ ᠬᠡᠪᠯᠡᠯ ᠤᠨ ᠪᠦᠯᠦᠭᠯᠡᠯ ᠤᠨ ᠲᠡᠯᠡᠬᠡᠢ ᠶᠢᠨ ᠨᠤᠮ ᠪᠢᠴᠢᠭ᠌ ᠤᠨ ᠬᠡᠪᠯᠡᠯ ᠤᠨ ᠬᠤᠷᠢᠶ᠎ᠠ ᠡᠴᠡ ᠬᠡᠪᠯᠡᠬᠦᠯᠦᠨ ᠲᠠᠷᠬᠠᠭᠠᠪᠠ᠃ ᠲᠤᠮᠲᠠᠲᠤ ᠤᠯᠤᠰ ᠤᠨ ᠦᠨᠳᠦᠰᠦᠲᠡᠨ ᠤ ᠰᠤᠲᠤᠯᠭᠠᠨ ᠤ ᠶᠡᠷᠦᠩᠬᠡᠢ ᠡᠮᠬᠢᠳᠭᠡᠯ ᠤᠨ ᠴᠢᠨᠠᠷᠲᠠᠢ ᠦᠷ᠎ᠠ ᠪᠦᠲᠦᠭᠡᠯ ᠪᠤᠶᠤ ᠲᠤᠮᠲᠠᠲᠤ ᠤᠯᠤᠰ ᠤᠨ 56 ᠦᠨᠳᠦᠰᠦᠲᠡᠨ ᠤ ᠲᠤᠶᠢᠮᠤ ᠪᠠᠶᠢᠲᠠᠯ ᠢ ᠲᠠᠨᠢᠯᠴᠠᠭᠤᠯᠤᠭᠰᠠᠨ ᠲᠤᠮᠤᠬᠠᠨ ᠨᠡᠪᠲᠡᠷᠬᠡᠢ ᠲᠤᠯᠢ ᠪᠤᠯᠤᠭᠰᠠᠨ ᠤ ᠬᠤᠪᠢ ᠳ᠋ᠤ ᠲᠤᠰ ᠨᠤᠮ ᠤᠨ ᠬᠡᠪᠯᠡᠭᠲᠡᠭᠰᠡᠨ ᠨᠢ ᠲᠤᠮᠲᠠᠲᠤ ᠤᠯᠤᠰ ᠤᠨ ᠦᠨᠳᠦᠰᠦᠲᠡᠨ ᠤ ᠰᠤᠲᠤᠯᠭᠠᠨ ᠳ᠋ᠤ ᠰᠠᠭᠤᠷᠢᠯᠠᠬᠤ ᠴᠢᠨᠠᠷᠲᠠᠢ ᠦᠢᠯᠡᠳᠦᠯ ᠦᠵᠡᠬᠦᠯᠬᠦ ᠪᠤᠯᠤᠨ᠎ᠠ᠃

    ᠲᠤᠰ ᠨᠤᠮ ᠤᠨ ᠬᠦᠢᠴᠡᠳᠭᠡᠬᠦ ᠭᠤᠤᠯ ᠨᠠᠶᠢᠷᠠᠭᠤᠯᠤᠭᠴᠢ ᠶᠦᠨ ᠹᠧᠩ ᠤᠨ ᠲᠠᠨᠢᠯᠴᠠᠭᠤᠯᠤᠭᠰᠠᠨ ᠢᠶᠡᠷ᠂ ᠲᠤᠰ ᠨᠤᠮ ᠨᠢ ᠮᠠᠨ ᠤ ᠤᠯᠤᠰ ᠲᠡᠦᠬᠡ ᠴᠠᠲᠢᠭ ᠪᠢᠴᠢᠭᠯᠡᠭᠰᠡᠨ ᠡᠴᠡ ᠨᠠᠰᠢᠬᠢ ᠬᠠᠮᠤᠭ ᠤᠨ ᠠᠩᠬ᠎ᠠ ᠤᠲᠠᠭ᠎ᠠ ᠪᠦᠷᠢᠨ ᠤᠳᠬ᠎ᠠ ᠪᠡᠷ ᠲᠤᠮᠲᠠᠲᠤ ᠤᠯᠤᠰ ᠤᠨ ᠦᠨᠳᠦᠰᠦᠲᠡᠨ ᠨᠤᠭᠦᠳ ᠢ ᠲᠠᠨᠢᠯᠴᠠᠭᠤᠯᠵᠤ ᠪᠦᠬᠦᠢ ᠨᠡᠪᠲᠡᠷᠬᠡᠢ ᠲᠤᠯᠢ ᠪᠤᠯᠤᠨ᠎ᠠ᠃ ᠨᠤᠮ ᠨᠢ 15 ᠪᠤᠳᠢ᠂ 2500 ᠲᠦᠮᠡ ᠭᠠᠷᠤᠢ ᠦᠰᠦᠭ ᠲᠠᠢ᠂ 6500 ᠭᠠᠷᠤᠢ ᠪᠤᠲᠤᠭ ᠲᠠᠢ ᠵᠢᠷᠤᠭ ᠬᠠᠪᠰᠤᠷᠭᠠᠵᠦ᠂ ᠲᠤᠮᠲᠠᠲᠤ ᠤᠯᠤᠰ ᠤᠨ 56 ᠦᠨᠳᠦᠰᠦᠲᠡᠨ ᠤ ᠲᠡᠦᠬᠡᠨ ᠤᠯᠠ ᠮᠦᠷ᠂ ᠤᠯᠤᠰ ᠲᠦᠷᠦ᠂ ᠴᠡᠷᠢᠭ ᠤᠨ ᠶᠠᠪᠤᠲᠠᠯ᠂ ᠨᠡᠶᠢᠭᠡᠮ ᠡᠳ᠋ ᠤᠨ ᠵᠠᠰᠠᠭ᠂ ᠱᠠᠰᠢᠨ ᠰᠢᠲᠦᠯᠭᠡ᠂ ᠵᠠᠩ ᠲᠠᠳᠬᠠᠯ ᠵᠡᠷᠭᠡ ᠤᠯᠠᠨ ᠰᠠᠯᠪᠤᠷᠢ ᠶᠢᠨ ᠲᠤᠭᠤᠷᠢᠨ ᠳ᠋ᠤ ᠲᠠᠨᠢᠯᠴᠠᠭᠤᠯᠪᠠ᠃ 

ᠢᠷᠡᠯᠳᠡ᠄ ᠰᠢᠨᠬᠤᠧᠠ ᠬᠤᠷᠢᠶ᠎ᠠ ᠪᠡᠯᠡᠳᠭᠡᠭ᠍ᠰᠡᠨ ᠨᠢ᠄ ᠬ • ᠦᠵᠡᠰᠭᠦᠯᠡᠩ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121431481