蒙古文网站Logo
ᠰᠢᠨᠬᠤᠸᠠ ᠮᠤᠩᠭ᠋ᠤᠯ ᠨᠧᠲ

《ᠺᠢᠬᠤᠲ ᠨᠤᠶᠠᠨ》ᠨᠤᠮ ᠲᠠᠨ ᠤ ᠠᠯᠠᠭᠠᠨ ᠳᠤ

2017-08-21 17:59

    ᠰᠧᠷᠸᠠᠨ᠋ᠲ᠋ᠧᠰ (1547~1616) ᠪᠤᠯ ᠢᠰᠫᠠᠨᠢ ᠶ᠋ᠢᠨ ᠠᠯᠳᠠᠷᠳᠤ ᠵᠤᠬᠢᠶᠠᠯᠴᠢ ᠪᠤᠯᠤᠨ᠎ᠠ᠃ ᠳᠡᠭᠦᠨ ‍ᠢ ᠬᠦᠮᠤᠰ ᠢᠰᠫᠠᠨᠢ ᠬᠡᠯᠡᠨ ‍ᠤ ᠤᠳᠬ᠎ᠠ ᠵᠤᠬᠢᠶᠠᠯ ᠳ᠋ᠤ ᠬᠠᠮᠤᠭ ‍ᠤᠨ ᠢᠯᠡᠭᠦᠤ ᠨᠡᠷ᠎ᠡ ᠠᠯᠳᠠᠷᠰᠢᠭᠰᠠᠨ ᠵᠤᠬᠢᠶᠠᠯᠴᠢ ᠭᠡᠮᠡᠵᠤ᠂ ᠴᠢᠨᠠᠭᠰᠢᠯᠠᠨ ᠢᠰᠫᠠᠨᠢ ᠬᠡᠯᠨ ᠵᠢ 《ᠰᠧᠷᠸᠠᠨ᠋ᠲ᠋ᠧᠰ ‍ᠤᠨ ᠬᠡᠯᠨ》 ᠴᠤ ᠭᠡᠮᠡᠳᠡᠭ᠃ 《ᠺᠢᠬᠤᠲ ᠨᠤᠶᠠᠨ》 ᠷᠤᠮᠠᠨ ᠪᠤᠯ ᠳᠡᠭᠦᠨ ‍ᠤ ᠳᠦᠯᠦᠭᠡᠯᠡᠭᠴᠢ ᠪᠦᠳᠦᠭᠡᠯ ᠶᠤᠮ᠃ ᠡᠭᠦᠨ ᠡᠴᠡ ᠭᠠᠳᠠᠨ᠎ᠠ᠂ ᠳᠡᠭᠦᠨ ᠳ᠋ᠤ《ᠭᠠᠯᠠᠲ᠋ᠧᠶᠠ》(ᠷᠤᠮᠠᠨ)᠂《ᠰᠤᠷᠭᠠᠯ ᠳᠠᠢ ᠳᠠᠭᠤᠷᠢ》(ᠵᠦᠴᠦᠭᠡ)᠂《ᠨᠤᠮᠠᠨᠰᠢ》(ᠵᠦᠴᠦᠭᠡ)᠂ 《ᠷᠢᠨᠺᠤᠨ᠋᠌ᠧᠲ᠋ᠧ ᠺᠤᠷᠲ᠋ᠠᠨᠳᠢᠯᠣ᠋ ᠬᠤᠶᠠᠷ 》(ᠳᠠᠭᠤᠷᠢ) ᠵᠡᠷᠭᠡ ᠪᠦᠳᠦᠭᠡᠯ ᠳᠠᠢ ᠃

    《ᠺᠢᠬᠤᠲ ᠨᠤᠶᠠᠨ》 ᠨᠤᠮ ᠠᠩᠬ᠎ᠠ ᠡᠬᠢᠨ ᠳ᠋ᠥ ᠪᠡᠨ《ᠯᠠᠮᠨᠨᠴ ‍ᠤᠨ ᠨᠠᠷᠢᠨ ᠤᠬᠠᠭᠠᠨᠳᠤ ᠺᠢᠬᠤᠲ ᠨᠤᠶᠠᠨ》 ᠨᠡᠷ᠎ᠡ ᠳᠠᠢ ᠪᠡᠷ ᠮᠠᠳ᠋ᠷᠢᠳ᠋ ᠬᠤᠳᠠᠨ᠎ᠠ ᠬᠡᠪᠯᠡᠭᠳᠡᠵᠡᠢ᠃ ᠳᠤᠬᠠᠢ ᠶ᠋ᠢᠨ ᠦᠶ᠎ᠠ ᠳᠤ᠂ ᠬᠡᠪᠯᠡᠯ ‍ᠤᠨ ᠭᠠᠵᠠᠷ ‍ᠤᠨ ᠬᠢᠨ ᠳᠤᠰ ᠷᠤᠮᠠᠨ ‍ᠢ ᠪᠠᠰᠤᠵᠤ ᠮᠠᠭᠤᠬᠠᠨ ᠴᠠᠭᠠᠰᠤᠨ ᠳᠡᠭᠡᠷ᠎ᠡ ᠦᠭᠡ ᠦᠰᠦᠭ ‍ᠤᠨ ᠠᠯᠳᠠᠭ᠎ᠠ ᠶᠡᠭᠡ ᠳᠠᠢ ᠬᠡᠪᠯᠡᠭᠰᠡᠨ ᠪᠠᠶᠢᠵᠠᠢ᠃ ᠭᠡᠳᠡᠯ᠎ᠡ ᠨᠤᠮ ᠬᠡᠪᠯᠡᠭᠳᠡᠭᠡᠳ ᠳᠡᠯᠭᠡᠭᠦᠷ ᠲᠤ ᠭᠠᠷᠤᠭᠰᠠᠨ ᠳᠠᠷᠤᠢ ᠳ᠋ᠤ ᠪᠡᠨ ᠬᠤᠳᠠᠯᠳᠤᠵᠤ ᠪᠠᠷᠠᠭᠰᠠᠨ ‍ᠢᠶ᠋ᠡᠷ ᠪᠠᠷᠠᠬᠤ ᠦᠭᠡᠢ ᠤᠩᠰᠢᠭᠴᠢᠳ ‍ᠤᠨ ᠬᠠᠯᠠᠭᠤᠨ ᠳᠠᠭᠠᠰᠢᠶᠠᠯ ‍ᠢ ᠬᠦᠷᠳᠡᠵᠤ᠂ ᠳᠡᠷᠨ ᠦᠶ᠎ᠠ ᠶ᠋ᠢᠨ ᠵᠠᠪᠠᠯ ᠤᠩᠰᠢᠬᠤ ᠨᠤᠮ ᠪᠤᠯᠵᠤ᠂ ᠳᠤᠰ ᠵᠢᠯ ᠳ᠋ᠤ ᠪᠡᠨ 5 ᠳᠠᠭᠢᠨ᠂ ᠳᠡᠭᠦᠨ ᠡᠴᠡ ᠬᠤᠶᠢᠰᠢᠬᠢ ᠵᠢᠯ ‍ᠦᠳ ᠲᠤ ᠮᠦᠨ ᠤᠯᠠᠨ ᠳᠠᠬᠢᠨ ᠬᠡᠪᠯᠡᠭᠳᠡᠭᠰᠡᠨ ᠪᠠᠶᠢᠨ᠎ᠠ᠃

    ᠳᠤᠰ ᠷᠤᠮᠠᠨ ‍ᠤ ᠳᠤᠬᠠᠢ ᠪᠡᠨ ᠰᠧᠷᠸᠠᠨ᠋ᠲ᠋ᠧᠰ ᠡᠴᠡ᠂ ᠳᠤᠬᠠᠢ ᠶ᠋ᠢᠨ ᠦᠶ᠎ᠠ ᠳ᠋ᠤ ᠢᠳᠡ ᠠᠪᠤᠨ ᠳᠡᠯᠭᠡᠷᠡᠵᠤ ᠪᠠᠶᠢᠭᠰᠠᠨ ᠴᠡᠷᠢᠭ ᠳᠠᠶᠢᠵᠢ ᠶ᠋ᠢᠨ ᠤᠳᠬ᠎ᠠ ᠵᠤᠬᠢᠶᠠᠯ ‍ᠢ ᠬᠤᠱᠤᠩᠨᠠᠨ ᠶᠤᠵᠤᠯᠠᠬᠤ ᠶ᠋ᠢᠨ ᠳᠦᠯᠦᠭᠡ ᠪᠢᠴᠢᠯ᠎ᠡ ᠭᠡᠵᠡᠢ᠃ ᠦᠨᠡᠭᠡᠷ ᠳᠤᠰ ᠷᠤᠮᠠᠨ ᠨᠡᠶᠢᠳᠡᠯᠡᠭᠳᠡᠭᠰᠡᠨ ᠡᠴᠡ ᠬᠤᠶᠢᠰᠢ ᠡᠪᠡᠳᠴᠢᠨ ᠦᠭᠡᠢ ᠪᠡᠷ ᠶᠤᠤᠯᠠᠳᠠᠭ ᠴᠡᠷᠢᠭ ᠳᠠᠶᠢᠵᠢ ᠶ᠋ᠢᠨ ᠤᠳᠬ᠎ᠠ ᠵᠤᠬᠢᠶᠠᠯ ᠬᠦᠮᠤᠰ ‍ᠤᠨ ᠨᠢᠳᠤᠨ ᠡᠴᠡ ᠳᠠᠯᠳᠢᠷᠠᠭᠰᠠᠨ ᠪᠠᠶᠢᠨ᠎ᠠ᠃ 《ᠺᠢᠬᠤᠲ ᠨᠤᠶᠠᠨ》ᠷᠤᠮᠠᠨ ‍ᠢ ᠬᠦᠮᠤᠰ ᠠᠬᠤᠶᠢᠴᠢ ᠦᠵᠡᠯ ᠤᠨ ᠤᠳᠬ᠎ᠠ ᠵᠤᠬᠢᠶᠠᠯ ‍ᠤᠨ ᠡᠬᠢᠯᠡᠯᠳᠡ ᠪᠡᠷ ᠦᠵᠡᠳᠡᠭ᠃ ᠳᠤᠰ ᠷᠤᠮᠠᠨ ᠳ᠋ᠤ ᠯᠠᠮᠠᠨᠴ ᠨᠤᠳᠤᠭ ᠳᠠᠢ ᠳᠤᠷᠤᠶᠢᠳᠠᠭᠰᠠᠨ ᠢᠵᠠᠭᠤᠷᠳᠠᠨ ᠺᠢᠬᠤᠲ ᠴᠡᠷᠢᠭ ᠳᠠᠶᠢᠵᠢ ᠶ᠋ᠢᠨ ᠵᠤᠬᠢᠶᠠᠯ ‍ᠢ ᠤᠩᠰᠢᠭᠰᠠᠭᠠᠷ ᠪᠠᠶᠢᠵᠤ ᠭᠡᠨᠡᠭᠡ ᠳᠠᠢ ᠪᠤᠯᠵᠤ ᠭᠡᠢ ᠳᠡᠮᠡᠢ ᠬᠦᠰᠡᠯ ᠳ᠋ᠥ ᠬᠦᠳᠦᠯᠦᠭᠳᠡᠨ ᠶᠢᠷᠳᠢᠨᠴᠤ ᠵᠢ ᠠᠪᠤᠷᠠᠬᠤ ᠪᠡᠷ ᠳᠦᠷᠪᠡᠨ ᠵᠦᠭ ᠲᠤ ᠭᠡᠰᠤᠨ ᠠᠶᠠᠯᠠᠵᠤ᠂ ᠤᠯᠠᠮ ‍ᠢᠶ᠋ᠡᠷ ᠡᠯᠳᠡᠪ ᠱᠤᠭ ᠢᠨᠢᠶᠠᠳᠤᠮᠳᠤ ᠤᠴᠢᠷ ᠭᠠᠷᠭᠠᠭᠰᠠᠨ ‍ᠢ ᠪᠢᠴᠢᠵᠠᠢ᠃ ᠡᠭᠦᠨ ᠢᠶᠡᠷ ᠳᠠᠮᠵᠢᠭᠤᠯᠵᠤ ᠵᠤᠬᠢᠶᠠᠭᠴᠢ ᠪᠡᠷ 16 ᠳ᠋ᠤᠭᠠᠷ ᠵᠠᠭᠤᠨ ‍ᠤ ᠰᠡᠭᠦᠯᠴᠢ 17 ᠳ᠋ᠤᠭᠠᠷ ᠵᠠᠭᠤᠨ ‍ᠤ ᠡᠭᠢᠨ ᠦᠶ᠎ᠠ ᠶ᠋ᠢᠨ ᠢᠰᠫᠠᠨᠢ ᠶ᠋ᠢᠨ ᠨᠡᠶᠢᠭᠡᠮ ‍ᠤᠨ ᠪᠠᠶᠢᠳᠠᠯ ‍ᠢ ᠦᠷᠭᠡᠨ ᠳᠡᠯᠭᠡᠷ ᠬᠠᠷᠠᠭᠤᠯᠵᠤ᠂ ᠳᠤᠬᠠᠢ ᠶ᠋ᠢᠨ ᠹᠸᠤᠳᠠᠯ ᠨᠤᠶᠠᠷᠬᠠᠯ ‍ᠤᠨ ᠬᠠᠷᠠᠩᠭᠤᠢ ᠪᠤᠯᠬᠢ᠂ ᠢᠯᠵᠢᠷᠡᠮᠡᠯ ‍ᠢ ᠬᠠᠶᠢᠷ᠎ᠠ ᠨᠠᠶᠢᠷ ᠦᠭᠡᠢ ᠢᠯᠡᠴᠢᠯᠡᠨ᠂ ᠬᠦᠮᠦᠯᠢᠭ ᠦᠵᠡᠯ ‍ᠢ ᠰᠤᠷᠳᠠᠯᠴᠢᠯᠠᠭᠰᠠᠨ ᠪᠠᠶᠢᠨ᠎ᠠ᠃ ᠮᠦᠨ ᠡᠭᠦᠨ ᠡᠴᠡ ᠡᠬᠢᠯᠡᠨ ᠤᠳᠬ᠎ᠠ ᠵᠤᠬᠢᠶᠠᠯ ‍ᠤᠨ ᠬᠢᠨ ᠳ᠋ᠤ 《ᠨᠢᠯᠪᠤᠰᠤ ᠳᠠᠢ ᠢᠨᠢᠶᠠᠳᠤ》 ᠶ᠋ᠢᠨ ᠪᠢᠴᠢᠯᠭᠡ ᠳᠡᠯᠭᠡᠷᠡᠵᠤ᠂ ᠤᠩᠰᠢᠭᠴᠢᠳ ‍ᠢ ᠢᠨᠢᠶᠠᠯᠭᠡᠭᠦ ᠶ᠋ᠢᠨ ᠬᠠᠮᠳᠤ ᠡᠷᠭᠡ ᠦᠭᠡᠢ ᠨᠢᠯᠪᠤᠰᠤ ᠠᠰᠬᠠᠷᠠᠭᠤᠯᠤᠨ᠂ ᠪᠤᠳᠤᠯᠭᠠᠰᠢᠷᠠᠭᠤᠯᠤᠨ ᠳᠤᠩᠭᠠᠭᠤᠯᠬᠤ ᠪᠤᠯᠪᠠ᠃ ᠳᠤᠰ ᠨᠤᠮ ᠠᠩᠬ᠎ᠠ ᠬᠡᠪᠯᠡᠭᠳᠡᠭᠰᠡᠨ ᠡᠴᠡ ᠠᠪᠤᠭᠠᠳ ᠤᠳᠤ ᠪᠤᠯᠳᠠᠯ᠎ᠠ ᠭᠡᠳᠤᠨ ᠵᠠᠭᠤᠨ ᠵᠢᠯ ᠦᠩᠭᠡᠷᠡᠭᠡᠵᠤ᠂ ᠬᠠᠷᠢ ᠭᠡᠯᠡ ᠪᠡᠷ ᠵᠤᠬᠢᠶᠠᠭᠳᠠᠵᠤ ᠤᠨᠳᠤᠤ ᠬᠦᠷᠤᠨ ‍ᠤ ᠪᠠᠶᠢᠳᠠᠯ ‍ᠢ ᠳᠤᠰᠬᠠᠭᠰᠠᠨ ᠴᠤ ᠤᠤᠯ ‍ᠤᠨ ᠦᠩᠭᠡ ᠳᠦᠷᠭᠦ ᠪᠡᠨ ᠠᠯᠳᠠᠯ ᠦᠭᠡᠢ ᠂ ᠠᠯᠢ ᠭᠡᠯᠡᠨ ᠳᠡᠭᠡᠷ᠎ᠡ ᠬᠡᠪᠯᠡᠭᠳᠡᠭᠰᠡᠡ ᠴᠤ᠂ ᠲᠡᠷᠡ ᠬᠡᠯᠡᠨ ᠤ ᠤᠯᠤᠰ ᠦᠨᠳᠤᠰᠤᠳᠡᠨ ‍ᠤ ᠤᠩᠰᠢᠭᠴᠢᠳ ‍ᠢ ᠮᠦᠨ ᠠᠳᠠᠯᠢᠬᠠᠨ ‍ᠢᠶ᠋ᠡᠷ 《ᠡᠷᠭᠡᠰᠢᠶᠠᠨ ᠤᠯᠵᠠᠯᠠᠬᠤ》 ᠬᠦᠴᠤᠨ ᠳᠠᠢ ᠪᠠᠶᠢᠭᠰᠠᠭᠠᠷ᠁(ᠨᠡᠶᠢᠲᠡᠯᠡᠯ ᠵᠢᠷᠤᠭ ᠢ ᠥᠪᠦᠷ ᠮᠣᠩᠭ᠋ᠤᠯ ᠤᠨ ᠠᠷᠠᠳ ᠤᠨ ᠬᠡᠪᠯᠡᠯ ᠤᠨ ᠬᠤᠷᠢᠶ᠎ᠠ ᠡᠴᠡ ᠬᠠᠩᠭ᠋ᠠᠪᠠ)

ᠢᠷᠡᠯᠳᠡ᠄ ᠰᠢᠨᠬᠤᠧᠠ ᠮᠣᠩᠭᠤᠯ ᠨᠧᠲ ᠪᠡᠯᠡᠳᠭᠡᠭ᠍ᠰᠡᠨ ᠨᠢ᠄ ᠰᠤᠷᠤᠶ᠎ᠠ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011100001121518592