蒙古文网站Logo
ᠰᠢᠨᠬᠤᠸᠠ ᠮᠤᠩᠭ᠋ᠤᠯ ᠨᠧᠲ

《ᠬᠦᠳᠡᠭᠡ ᠶ᠋ᠢᠨ ᠬᠠᠭᠤᠴᠢᠨ ᠪᠠᠶᠢᠰᠢᠩ》ᠨᠤᠮ ᠲᠠᠢ ᠳᠠᠨᠢᠯᠴᠠᠨ᠎ᠠ ᠤᠤ

2017-08-30 11:51

    

    ᠠᠶᠤᠩᠭ᠎ᠠ ᠶᠢᠨ ᠷᠤᠮᠠᠨ 《ᠬᠦᠳᠡᠭᠡ ᠶ᠋ᠢᠨ ᠬᠠᠭᠤᠴᠢᠨ ᠪᠠᠶᠢᠰᠢᠩ 》ᠳ᠋ᠤ ᠳᠡᠭᠡᠷ᠎ᠡ ᠵᠠᠭᠤᠨ ‍ᠤ ᠳᠠᠪᠢᠭᠠᠳ ᠤᠨ ᠳ᠋ᠤ ᠪᠠᠷᠢᠭᠰᠠᠨ ᠪᠠᠷᠢᠭᠠᠳᠠ ᠶ᠋ᠢᠨ ᠪᠠᠶᠢᠰᠢᠩ ‍ᠢᠶ᠋ᠡᠷ ᠦᠨᠳᠤᠰᠤᠨ ᠴᠡᠭ ᠪᠤᠯᠭᠠᠵᠤ ᠵᠠᠮᠢᠶᠠᠨ᠂ ᠪᠢᠯᠢᠭᠦᠨ᠂ ᠡᠷᠳᠡᠨᠢᠪᠠᠳᠤ᠂ ᠯᠤᠤ ᠵᠠᠩ᠂ ᠰᠢᠶᠧ•ᠰᠧᠪᠵᠢᠳᠮ᠎ᠠ᠂ ᠰᠠᠷᠠᠨᠴᠠᠴᠡᠭ ᠵᠡᠷᠭᠡ ᠬᠦᠮᠤᠰ ‍ᠤᠨ ᠬᠠᠭᠠᠰ ᠵᠠᠭᠤᠨ ‍ᠤ ᠳᠤᠷᠰᠢᠬᠢ ᠠᠮᠢᠳᠤᠷᠠᠯ ‍ᠤᠨ ᠦᠩᠭᠡᠷᠡᠯᠳᠡ ᠵᠢ ᠴᠠᠭ ‍ᠤᠨ ᠳᠠᠷᠠᠭᠠᠯᠠᠯ ‍ᠢᠶ᠋ᠡᠷ ᠳᠤᠭᠠᠴᠢᠬᠤ ᠪᠡᠷ ᠳᠠᠮᠵᠢᠭᠤᠯᠵᠤ᠂ ᠳᠡᠭᠡᠷ᠎ᠡ ᠵᠠᠭᠤᠨ ‍ᠤ ᠰᠡᠭᠦᠯ ‍ᠤᠨ ᠬᠠᠭᠠᠰ ᠬᠤᠭᠤᠴᠠᠭᠠᠨ ᠳ᠋ᠡᠬᠢ ᠦᠪᠤᠷ ᠮᠤᠩᠭᠤᠯ ‍ᠤᠨ ᠮᠠᠯᠴᠢᠳ ‍ᠤᠨ ᠠᠮᠢᠳᠤᠷᠠᠯ ‍ᠤᠨ ᠠᠷᠭ᠎ᠠ ᠮᠠᠶ᠊ᠢᠭ ‍ᠤᠨ ᠬᠤᠪᠢᠷᠠᠯᠳᠠ᠂ ᠪᠤᠳᠤᠯ ᠰᠡᠳᠬᠢᠯ ‍ᠤᠨ ᠤᠯᠠᠷᠢᠯ᠂ ᠵᠠᠩ ᠠᠷᠠᠨᠰᠢᠨ ‍ᠤ ᠦᠭᠡᠷᠡᠳᠤᠯ ‍ᠢ ᠨᠡᠯᠢᠶᠠᠳ ᠦᠷᠭᠡᠨ ᠳᠡᠯᠭᠡᠷ ᠮᠦᠷᠳᠡᠭᠡᠨ ᠨᠠᠷᠢᠯᠢᠭ ᠪᠤᠳᠠᠳᠠᠢ ᠬᠠᠷᠠᠭᠤᠯᠵᠤ᠂ ᠤᠯᠠᠮ ‍ᠢᠶ᠋ᠡᠷ ᠴᠠᠭ ᠦᠶ᠎ᠠ ᠶ᠋ᠢᠨ ᠡᠭᠡᠯᠵᠢᠯᠳᠡ᠂ ᠨᠠᠶᠢᠭᠡᠮ ‍ᠤᠨ ᠬᠤᠪᠢᠰᠤᠯ ᠨᠢ ᠡᠭᠡᠯ ᠳᠦᠮᠡᠨ ‍ᠤ ᠬᠤᠪᠢ ᠳᠠᠪᠢᠯᠠᠩ ‍ᠢ ᠬᠡᠷᠭᠢᠨ ᠦᠭᠡᠷᠡᠴᠢᠯᠡᠵᠤ ᠪᠠᠶᠢᠳᠠᠭ ᠪᠠ ᠴᠠᠭ ‍ᠤᠨ ᠤᠷᠤᠰᠬᠠᠯ ‍ᠤᠨ ᠡᠷᠭᠢᠭᠦᠯᠭᠡ᠂ ᠨᠡᠶᠢᠭᠡᠮ ‍ᠤᠨ ᠬᠤᠪᠢᠰᠤᠯ ‍ᠤᠨ ᠬᠤᠶᠢᠯᠠᠷᠠᠭ᠎ᠠ ᠳ᠋ᠤ ᠬᠢ ᠬᠦᠮᠤᠨ ‍ᠤ ᠠᠮᠢᠳᠤᠷᠠᠯ ᠤᠨ ᠳᠤᠬᠠᠢ ᠬᠦᠨ ᠳᠠᠪᠬᠤᠷᠭᠠᠨ ‍ᠤ ᠪᠤᠳᠤᠯᠭᠠᠰᠢᠷᠠᠯ ‍ᠢ ᠳᠡᠪᠰᠢᠭᠦᠯᠦᠭᠰᠡᠨ ᠪᠠᠶᠢᠨ᠎ᠠ᠃

    ᠳᠤᠰ ᠷᠤᠮᠠᠨ ᠦᠯᠢᠭᠡᠷᠯᠢᠭ ᠴᠢᠨᠡᠷ ᠮᠠᠰᠢ ᠴᠢᠩᠭ᠎ᠠ᠂ ᠳᠦᠷᠢ ᠪᠦᠳᠦᠭᠡᠯᠳᠡ ᠳᠤᠪᠤᠭᠤᠷ ᠮᠦᠷᠳᠡᠭᠡᠨ ᠦᠪᠡᠷᠮᠢᠴᠠ ᠪᠤᠯᠵᠤ᠂ ᠤᠩᠰᠢᠭᠠᠳ ᠰᠠᠭᠤᠬᠤ ᠳ᠋ᠥ ᠳᠠᠯᠪᠢᠮᠠᠷ ᠦᠭᠡᠢ ᠰᠠᠶᠢᠬᠠᠨ ᠪᠦᠳᠦᠭᠡᠯ ᠪᠤᠯᠵᠠᠢ᠃ ᠷᠤᠮᠠᠨ ‍ᠤ ᠵᠤᠬᠢᠶᠠᠮᠵᠢ ᠪᠠᠶᠢᠷᠢᠰᠢᠭᠤᠯᠤᠯ ᠡᠪ ᠵᠦᠢ ᠳᠠᠢ᠂ ᠡᠰᠭᠡᠯᠳᠡ ᠳᠤᠬᠢᠷᠠᠭᠤᠯᠤᠯᠳᠠ ᠠᠮᠨ ᠰᠡᠭᠡᠷ ᠵᠤᠯᠭᠠᠵᠤ᠂ ᠪᠦᠳᠤᠨ ᠰᠠᠶᠢᠬᠠᠨ ᠤᠷᠠᠯᠢᠭ ‍ᠤᠨ ᠶᠢᠷᠳᠢᠨᠴᠤ ᠵᠢ ᠪᠦᠷᠢᠯᠳᠦᠭᠦᠯᠦᠭᠰᠡᠨ ᠪᠠᠶᠢᠨ᠎ᠠ᠃

    ᠠᠶᠤᠩᠭ᠎ᠠ᠄ ᠦᠪᠤᠷ ᠮᠤᠩᠭᠤᠯ ‍ᠤᠨ ᠮᠤᠩᠭᠤᠯ ᠦᠨᠳᠤᠰᠤᠳᠡᠨ ‍ᠤ ᠠᠯᠳᠠᠷᠳᠤ ᠵᠤᠬᠢᠶᠠᠯᠴᠢ᠂ ᠦᠪᠤᠷ ᠮᠤᠩᠭᠤᠯ ‍ᠤᠨ ᠤᠳᠬ᠎ᠠ ᠤᠷᠠᠯᠢᠭ ‍ᠤᠨ ᠬᠢᠨ ‍ᠤ ᠬᠤᠯᠪᠤᠭ᠎ᠠ ᠶ᠋ᠢᠨ ᠤᠤᠯ ‍ᠤᠨ ᠳᠡᠷᠢᠭᠦᠯᠡᠭᠴᠢ᠃《ᠠᠵᠨ ᠶ᠋ᠢᠨ ᠳᠠᠪᠤᠨ ᠶᠠᠩᠬᠢᠷ》᠂ 《ᠬᠠᠷ᠎ᠠ ᠰᠢᠷ᠎ᠠ ᠶ᠋ᠢᠨ ᠶᠢᠷᠳᠢᠨᠴᠤ》᠂ 《ᠮᠠᠨᠪᠠ ᠷᠠᠰᠠᠩ》᠂ 《 ᠵᠢᠩ ‍ᠤᠨ ᠬᠤᠩᠬᠤᠨ ‍ᠤ ᠳᠤᠤᠨᠢᠯ》᠂ 《ᠵᠢᠷᠭᠠᠯ ᠬᠢᠭᠡᠳ ᠳᠡᠭᠦᠨ ‍ᠤ ᠠᠪᠠᠭ᠎ᠠ》ᠵᠡᠷᠭᠡ ᠪᠦᠳᠦᠭᠡᠯ ᠳᠠᠢ᠃ ᠤᠯᠤᠰ ᠲᠠᠶᠠᠭᠠᠷ ‍ᠤᠨ ᠴᠦᠭᠡᠨ ᠳᠤᠭᠠᠳᠤ ᠦᠨᠳᠤᠰᠤᠳᠡᠨ ‍ᠤ ᠤᠷᠠᠨ ᠵᠤᠬᠢᠶᠠᠯ ‍ᠤᠨ《ᠠᠵᠢᠨᠠᠢ ᠬᠦᠯᠦᠭ》᠂ ᠦᠪᠤᠷ ᠮᠤᠩᠭᠤᠯ ‍ᠤᠨ ᠤᠷᠠᠨ ᠵᠤᠬᠢᠶᠠᠯ ‍ᠤᠨ《ᠰᠤᠯᠤᠩᠭ᠎ᠠ》ᠱᠠᠩᠨᠠᠯ ᠂ 《ᠳᠤᠷᠤᠨ᠎ᠠ》ᠱᠠᠩᠨᠠᠯ ᠵᠡᠷᠭᠡ ᠤᠯᠠᠨ ᠱᠠᠩᠨᠠᠯ ᠬᠦᠬᠢᠭᠦᠯᠤᠯ ᠬᠦᠷᠳᠡᠪᠡ᠃

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121569969