蒙古文网站Logo
ᠰᠢᠨᠬᠤᠸᠠ ᠮᠤᠩᠭ᠋ᠤᠯ ᠨᠧᠲ

《ᠮᠤᠩᠭᠤᠯ ‍ᠤᠨ ᠨᠢᠭᠤᠴᠠ ᠳᠤᠪᠴᠢᠶᠠᠨ》(ᠵᠠᠯᠠᠭᠤᠴᠤᠳ ᠪᠠᠭᠠᠴᠤᠳ ‍ᠤᠨ ᠬᠡᠪᠯᠡᠯ) ᠨᠤᠮ ᠲᠠᠢ ᠳᠠᠨᠢᠯᠴᠠᠨ᠎ᠠ ᠤᠤ

2017-09-11 17:49

    ᠴ•ᠳᠠᠮᠳᠢᠨᠰᠦ᠋ᠷᠦᠩ ᠪᠤᠯ ᠮᠤᠩᠭᠤᠯ ᠤᠯᠤᠰ ‍ᠤᠨ ᠠᠯᠳᠠᠷᠳᠤ ᠵᠤᠬᠢᠶᠠᠯᠴᠢ᠂ ᠮᠤᠩᠭᠤᠯ ᠤᠯᠤᠰ ‍ᠤᠨ ᠠᠺᠠᠳ᠋ᠧᠮᠢ ᠶ᠋ᠢᠨ ᠠᠺᠠᠳ᠋ᠧᠮᠢᠴᠢ᠂ ᠬᠡᠯᠡᠨ ‍ᠤ ᠡᠷᠳᠡᠮᠳᠡᠨ ᠪᠤᠯᠤᠨ᠎ᠠ᠃ ᠳᠡᠭᠦᠨ ᠳ᠋ᠤ《ᠬᠤᠴᠤᠷᠤᠭᠳᠠᠭᠰᠠᠨ ᠡᠮᠡᠭᠡᠨ ‍ᠢ ᠰᠤᠷᠪᠤᠯᠵᠢᠯᠠᠭᠰᠠᠨ ᠳᠡᠮᠳᠡᠭᠯᠡᠯ》᠂《ᠪᠤᠭᠤᠷᠤᠯ ᠡᠵᠢ》᠂《ᠵᠤᠭᠠᠴᠠᠷ᠎ᠠ ᠮᠤᠷᠳᠠᠭᠰᠠᠨ》ᠵᠡᠷᠭᠡ ᠤᠷᠠᠨ ᠵᠤᠬᠢᠶᠠᠯ ‍ᠤᠨ ᠪᠦᠳᠦᠭᠡᠯ ᠪᠤᠯᠤᠨ《ᠮᠤᠩᠭᠤᠯ ᠤᠷᠠᠨ ᠵᠤᠬᠢᠶᠠᠯ ‍ᠤᠨ ᠳᠡᠭᠡᠵᠢ ᠵᠠᠭᠤᠨ ᠪᠢᠯᠢᠭ ᠤᠷᠤᠰᠢᠪᠠᠢ》ᠵᠡᠷᠭᠡ ᠡᠷᠳᠡᠮ ᠰᠢᠨᠵᠢᠯᠡᠭᠡᠨ ‍ᠤ ᠪᠦᠳᠦᠭᠡᠯ ᠳᠠᠢ᠃ ᠳᠡᠭᠦᠨ ‍ᠤ ᠤᠷᠴᠢᠭᠤᠯᠤᠨ ᠨᠠᠶᠢᠷᠠᠭᠤᠯᠤᠭᠰᠠᠨ《ᠮᠤᠩᠭᠤᠯ ‍ᠤᠨ ᠨᠢᠭᠤᠴᠠ ᠳᠤᠪᠴᠢᠶᠠᠨ》 ᠨᠢ ᠨᠢᠭᠤᠴᠠ ᠳᠤᠪᠴᠢᠶᠠᠨ ‍ᠤ ᠳᠦᠭᠡᠵᠤ ᠳᠡᠯᠭᠡᠷᠡᠭᠦ ᠳ᠋ᠤ ᠮᠠᠰᠢ ᠴᠢᠬᠤᠯᠨ ᠠᠴᠢ ᠳᠤᠰᠨ ᠦᠵᠡᠭᠦᠯᠦᠭᠰᠡᠨ ᠶᠤᠮ᠃

    ᠵᠢᠷᠤᠮᠳᠤ᠄ ᠤᠯᠠᠭᠠᠨᠬᠠᠳᠠ ᠮᠤᠩᠭᠤᠯ ᠳᠤᠮᠳᠠᠳᠤ ᠰᠤᠷᠭᠠᠭᠤᠯᠢ ᠶ᠋ᠢᠨ ᠠᠬᠠᠮᠠᠳ ᠪᠠᠭᠰᠢ᠃ ᠤᠯᠠᠨ ᠵᠢᠯ ᠮᠤᠩᠭᠤᠯ ᠬᠡᠯᠨ ᠪᠢᠴᠢᠭ ‍ᠤᠨ ᠵᠢᠭᠠᠨ ᠰᠤᠷᠭᠠᠯᠳᠠ ᠳ᠋ᠤ ᠭᠠᠪᠰᠢᠭᠠᠶᠢᠯᠠᠵᠤ᠂ ᠠᠮᠵᠢᠯᠳᠠ ᠪᠦᠳᠦᠭᠡᠯ ᠪᠢᠰᠢᠭᠦᠢ ᠭᠠᠷᠭᠠᠵᠠᠢ᠃ ᠠᠵᠢᠯ ‍ᠤᠨ ᠴᠢᠯᠦᠭᠡ ᠪᠡᠷ ‍ᠢᠶ᠋ᠡᠨ ᠤᠷᠠᠨ ᠵᠤᠬᠢᠶᠠᠯ ᠤᠷᠤᠯᠳᠤᠵᠤ᠂ ᠨᠡᠯᠢᠶᠠᠳ ᠤᠯᠠᠨ ᠪᠦᠳᠦᠭᠡᠯ ᠨᠡᠶᠢᠳᠡᠯᠡᠭᠦᠯᠪᠠ᠃ 《ᠮᠤᠩᠭᠤᠯ ‍ᠤᠨ ᠨᠢᠭᠤᠴᠠ ᠳᠤᠪᠴᠢᠶᠠᠨ》(ᠵᠠᠯᠠᠭᠤᠴᠤᠳ ᠪᠠᠭᠠᠴᠤᠳ ‍ᠤᠨ ᠬᠡᠪᠯᠡᠯ) ᠭᠡᠭᠦ ᠨᠤᠮ ᠪᠤᠯ ᠵᠢᠷᠤᠮᠳᠤ ᠶ᠋ᠢᠨ ᠳᠦᠰᠦᠪᠯᠡᠨ ᠨᠠᠶᠢᠷᠠᠭᠤᠯᠤᠭᠰᠠᠨ ᠪᠦᠳᠦᠭᠡᠯ ᠪᠤᠯᠤᠨ᠎ᠠ᠃

    ᠳᠤᠰ ᠨᠤᠮ᠂ ᠮᠤᠩᠭᠤᠯ ᠤᠯᠤᠰ ‍ᠤᠨ ᠨᠡᠷᠡᠳᠤ ᠡᠷᠳᠡᠮᠳᠡᠨ᠂ ᠵᠤᠬᠢᠶᠠᠯᠴᠢ ᠴ•ᠳᠠᠮᠳᠢᠨᠰᠦ᠋ᠷᠤᠩ ‍ᠤᠨ ᠤᠷᠴᠢᠭᠤᠯᠤᠨ ᠨᠠᠶᠢᠷᠠᠭᠤᠯᠤᠭᠰᠠᠨ《ᠮᠤᠩᠭᠤᠯ ‍ᠤᠨ ᠨᠢᠭᠤᠴᠠ ᠳᠤᠪᠴᠢᠶᠠᠨ》ᠳᠡᠭᠡᠷ᠎ᠡ ᠰᠠᠭᠤᠷᠢᠯᠠᠵᠤ᠂ ᠠᠭᠤᠯᠭ᠎ᠠ ᠳᠠᠢ ᠨᠢ ᠳᠤᠬᠢᠷᠠᠯᠴᠠᠭᠤᠯᠤᠨ ᠬᠠᠮᠢᠶ᠎ᠠ ᠪᠦᠭᠦᠢ ᠮᠤᠩᠭᠤᠯ ᠵᠠᠩ ᠳᠠᠳᠬᠠᠯ ᠪᠤᠯᠤᠨ ᠮᠤᠩᠭᠤᠯ ᠰᠤᠶᠤᠯ ‍ᠤᠨ ᠮᠡᠳᠡᠯᠭᠡ ᠶ᠋ᠢᠨ ᠬᠡᠯᠬᠢᠶᠠᠰᠤ ᠵᠢᠴᠢ ᠨᠢᠭᠤᠴᠠ ᠳᠤᠪᠴᠢᠶᠠᠨ ‍ᠤ ᠤᠯᠠᠮᠵᠢᠯᠠᠯ ᠳᠡᠯᠭᠡᠷᠡᠯ ᠳᠠᠢ ᠬᠤᠯᠪᠤᠭᠳᠠᠭᠰᠠᠨ ᠡᠳᠤᠢ ᠳᠡᠳᠤᠢ ᠰᠤᠷᠠᠭ ᠵᠠᠩᠬᠢ᠂ ᠰᠤᠶᠤᠯ ‍ᠤᠨ ᠠᠵᠢᠯᠯᠠᠭ᠎ᠠ ᠪᠤᠯᠤᠨ ᠪᠦᠳᠦᠭᠡᠯ ᠤᠨ ᠭᠡᠷᠡᠯ ᠵᠢᠷᠤᠭ ‍ᠢ ᠬᠠᠪᠰᠤᠷᠭᠠᠭᠰᠠᠨ ‍ᠢᠶ᠋ᠡᠷ ᠪᠦᠳᠦᠵᠡᠢ᠃ ᠡᠨᠡ ᠨᠢ ᠨᠢᠭᠡ ᠳᠠᠯ᠎ᠠ ᠪᠡᠷ ᠵᠠᠯᠠᠭᠤᠴᠤᠳ ᠪᠠᠭᠠᠴᠤᠳ ‍ᠤᠨ ᠰᠤᠨᠢᠷᠬᠠᠯ ‍ᠢ ᠳᠠᠳᠠᠵᠤ ᠤᠩᠰᠢᠯᠭ᠎ᠠ ᠳ᠋ᠤ ᠬᠦᠳᠦᠯᠭᠦ ᠤᠶᠢᠯᠡᠳᠤᠯ ᠳᠠᠢ ᠪᠡᠷ ᠪᠠᠷᠠᠬᠤ ᠦᠭᠡᠢ ᠨᠦᠭᠦᠭᠡ ᠳᠠᠯ᠎ᠠ ᠪᠡᠷ ᠨᠢᠭᠤᠴᠠ ᠳᠤᠪᠴᠢᠶᠠᠨ ᠡᠴᠡ ᠤᠯᠤᠭᠰᠠᠨ ᠮᠤᠩᠭᠤᠯ ‍ᠤᠨ ᠳᠡᠤᠭᠡ ᠶ᠋ᠢᠨ ᠳᠤᠬᠠᠢ ᠮᠡᠳᠡᠯᠭᠡ ᠪᠡᠨ ᠨᠡᠩ ᠦᠷᠭᠡᠨ ᠳᠡᠯᠡᠵᠤ᠂ ᠳᠡᠤᠭᠡ ᠰᠤᠶᠤᠯ ‍ᠤᠨ ᠠᠭᠤᠵᠢᠭᠤ ᠬᠠᠷᠠᠭᠠᠰᠤ ᠳᠠᠢ ᠪᠤᠯᠬᠤ ᠳ᠋ᠤ ᠨᠢ ᠳᠤᠰᠠ ᠳᠠᠢ᠃

    ᠳᠤᠰ ᠨᠤᠮ ᠬᠡᠪᠯᠡᠭᠳᠡᠭᠰᠡᠨ ‍ᠤ ᠳᠠᠷᠠᠭ᠎ᠠ᠂ ᠦᠰᠪᠤᠷᠢ ᠨᠠᠰᠤᠨ ‍ᠤ ᠤᠩᠰᠢᠭᠴᠢᠳ ‍ᠤᠨ ᠬᠠᠯᠠᠭᠤᠨ ᠬᠦᠷᠢᠶᠡᠯᠡᠯ ‍ᠢ ᠤᠯᠵᠤ᠂ ᠨᠡᠯᠢᠶᠠᠳ ᠰᠠᠶᠢᠨ ᠨᠦᠯᠦᠭᠡ ᠳᠤᠰᠬᠠᠯ ᠳᠠᠢ ᠪᠤᠯᠤᠭᠠᠳ ᠪᠠᠶᠢᠨ᠎ᠠ᠃ (ᠨᠡᠶᠢᠳᠡᠯᠡᠯ ᠵᠢᠷᠤᠭ ᠢ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠡᠴᠡ ᠬᠠᠩᠭᠠᠪᠠ)

ᠢᠷᠡᠯᠳᠡ᠄ ᠰᠢᠨᠬᠤᠧᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
  • ᠪᠡᠬᠡᠵᠢᠩ ᠤᠨ ᠬᠡᠤᠬᠡᠳ ᠤᠨ ᠤᠷᠠᠯᠢᠭ ᠤᠨ ᠠᠩᠬᠠᠳᠤᠭᠠᠷ ᠨᠠᠭᠠᠳᠤᠮ ᠵᠤᠬᠢᠶᠠᠭᠳᠠᠪᠠ
  • ᠤᠷᠳᠤᠰ ᠬᠤᠳᠠ ᠶᠢᠨ ᠬᠤᠶᠡᠳᠡᠬᠢ ᠤᠳᠠᠭᠠᠨ ᠤ《ᠪᠢᠯᠢᠭ᠌ ᠤᠨ ᠰᠠᠩ ᠨᠤᠮ ᠲᠠᠢ ᠮᠣᠩᠭᠣᠯ》ᠴᠤᠪᠤᠷᠠᠯ ᠠᠵᠢᠯᠯᠠᠭ᠎ᠠ ᠪᠤᠯᠵᠤ ᠦᠩᠬᠡᠷᠡᠯ᠎ᠡ
关闭
010070230030000000000000011120701121645271