蒙古文网站Logo
ᠰᠢᠨᠬᠤᠸᠠ ᠮᠤᠩᠭ᠋ᠤᠯ ᠨᠧᠲ

ᠡᠷᠬᠢᠮᠳᠤ ᠶᠢᠨ《ᠮᠤᠩ᠋ᠭᠤᠯ ᠢᠶᠡᠷ ᠤᠷᠴᠢᠭᠤᠯᠤᠭᠰᠠᠨ ᠮᠠᠨᠵᠤ ᠶᠢᠨ ᠤᠭ ᠲᠠᠩᠰᠠ(1-3)》ᠬᠡᠮᠡᠬᠦ ᠨᠤᠮ ᠤᠳᠠᠬᠤ ᠦᠭᠡᠢ ᠤᠩᠰᠢᠭᠴᠢᠳ ᠲᠠᠢ ᠵᠤᠯᠭᠠᠬᠤ ᠪᠤᠯᠤᠨ᠎ᠠ

2017-12-29 16:39

    ᠡᠷᠬᠢᠮᠳᠤ ᠶᠢᠨ ᠨᠤᠮ ᠤᠨ ᠬᠤᠷᠭᠤᠨ ᠳᠤ《ᠮᠠᠨᠵᠤ ᠶᠢᠨ ᠤᠭ ᠳᠠᠩᠰᠠ》(满文原档) ᠬᠡᠮᠡᠬᠦ ᠳᠤᠷᠭᠠᠨ ᠭᠠᠳᠠᠷ ᠲᠠᠢ ᠨᠢᠬᠡᠨ ᠢᠵᠢ ᠨᠤᠮ ᠪᠤᠢ᠃ ᠡᠬᠦᠨ ᠢ ᠳᠡᠷᠡᠪᠡᠷ ᠬᠡᠳᠤᠨ ᠵᠢᠯ ᠤᠨ ᠡᠮᠦᠨ᠎ᠡ ᠳᠠᠶᠢᠧᠠᠨ ᠤ ᠮᠦᠽᠧᠢ ᠡᠴᠡ ᠬᠤᠳᠠᠯᠳᠤᠵᠤ ᠠᠪᠤᠭᠰᠠᠨ ᠬᠡᠨ᠎ᠡ᠃ 《ᠮᠠᠨᠵᠤ ᠶᠢᠨ ᠤᠭ ᠳᠠᠩᠰᠠ》 ᠬᠡᠮᠡᠬᠦ ᠲᠤᠰ ᠨᠤᠮ ᠢ ᠤᠳᠤ ᠪᠤᠯᠳᠠᠯ᠎ᠠ ᠮᠤᠩᠭᠤᠯ ᠬᠢᠳᠠᠳ ᠬᠡᠯᠡᠨ ᠳᠤ ᠤᠷᠴᠢᠭᠤᠯᠤᠭᠠᠳᠤᠢ ᠬᠡᠯ᠎ᠡ᠃ ᠲᠡᠷᠡᠪᠡᠷ ᠬᠡᠳᠦᠨ ᠠᠷᠪᠠᠨ ᠳᠦᠮᠡᠨ ᠳᠦᠬᠦᠷᠢᠭ᠌ ᠢᠶᠡᠨ ᠬᠠᠷᠠᠮ ᠦᠬᠡᠢ ᠵᠠᠷᠤᠴᠠᠭᠤᠯᠵᠤ᠂ ᠡᠶᠢᠮᠦᠷᠬᠦ ᠮᠤᠩᠭᠤᠯ ᠤᠷᠤᠨ᠂ ᠮᠤᠩᠭᠤᠯ ᠦᠨᠳᠦᠰᠦᠳᠡᠨ ᠳᠤ ᠬᠤᠯᠪᠤᠭᠳᠠᠭᠰᠠᠨ ᠮᠠᠨᠵᠤ ᠪᠢᠴᠢᠭ᠌ ᠮᠠᠲ᠋ᠧᠷᠢᠶᠠᠯ᠂ ᠰᠤᠷᠪᠤᠯᠵᠢ ᠪᠢᠴᠢᠭ᠌᠌ ᠤᠳ ᠢ 4-5 ᠳᠦᠮᠡᠨ ᠬᠤᠪᠢ ᠴᠤᠭᠯᠠᠭᠤᠯᠤᠨ ᠮᠤᠩᠭᠤᠯ ᠬᠡᠯᠡᠨ ᠲᠡᠭᠡᠷ᠎ᠡ ᠤᠷᠴᠢᠭᠤᠯᠤᠭᠠᠳ ᠮᠤᠩᠭᠤᠯ ᠤᠩᠰᠢᠭᠴᠢᠳ ᠢᠶᠡᠨ ᠤᠶᠤᠨ ᠤ ᠲᠠᠯᠬ᠎ᠠ ᠪᠡᠷ ᠪᠠᠶᠠᠰᠬᠠᠵᠤ ᠪᠠᠶᠢᠨ᠎ᠠ᠃

    ᠡᠷᠬᠢᠮᠳᠤ᠂ 2013 ᠤᠨ ᠳᠤ《ᠮᠠᠨᠵᠦ ᠵᠢᠨ ᠤᠬ ᠲᠠᠨᠭᠰᠠ》 ᠨᠢᠬᠡ ᠢᠵᠢ ᠠᠷᠪᠠᠨ ᠲᠡᠪᠳᠡᠷ ᠢ ᠬᠤᠳᠠᠯᠳᠤᠨ ᠠᠪᠤᠭᠠᠳ ᠤᠯᠠᠨ ᠠᠷᠪᠢᠨ ᠲᠠᠩᠰᠠ ᠬᠠᠷ᠎ᠠ᠂ ᠮᠠᠲ᠋ᠧᠷᠢᠶᠠᠯ ᠢ ᠴᠤᠭᠯᠠᠭᠤᠯᠤᠨ ᠤᠷᠴᠢᠭᠤᠯᠬᠤ ᠪᠡᠯᠡᠳᠬᠡᠯ ᠠᠵᠢᠯ ᠢᠶᠡᠨ ᠬᠢᠵᠤ ᠡᠬᠢᠯᠡᠪᠡ᠃ ᠤᠰᠤᠯ ᠪᠢᠨᠲᠦ ᠦᠬᠡᠢ ᠮᠠᠨᠵᠤ ᠦᠰᠦᠭ ᠤᠨ ᠲᠠᠩᠰᠠ ᠬᠠᠷ᠎ᠠ ᠶᠢ ᠤᠷᠴᠢᠭᠤᠯᠬᠤ ᠬᠡᠳᠡᠭ ᠬᠡᠴᠡᠬᠦᠤ ᠠᠵᠢᠯ᠂ ᠬᠤᠯᠪᠤᠭᠳᠠᠬᠤ ᠲᠡᠤᠬᠡᠨ ᠤ ᠬᠡᠷᠡᠭ ᠮᠠᠰᠢ ᠤᠯᠠᠨ᠃ ᠡᠶᠢᠮᠦ ᠡᠴᠠ ᠡᠨᠡ ᠲᠠᠰᠢᠷᠠᠮ ᠳᠤ ᠲᠠᠶᠢᠴᠢᠩ ᠬᠦᠷᠦᠨ ᠤ ᠭᠠᠳᠠᠭᠠᠲᠤ ᠮᠤᠩᠭᠤᠯ ᠤᠨ ᠲᠦᠷᠤ ᠵᠢ ᠵᠠᠰᠠᠬᠤ ᠶᠠᠪᠤᠳᠠᠯ ᠤᠨ ᠶᠠᠮᠦᠨ ᠤ ᠲᠠᠮᠠᠭ᠎ᠠ ᠲᠠᠢ ᠠᠶᠢᠯᠠᠳᠬᠠᠯ  ᠤᠨ ᠪᠢᠴᠢᠭ᠌  ᠤᠳ ᠤᠨ ᠮᠠᠨᠵᠤ ᠠᠶᠢᠯᠠᠳᠬᠠᠯ ᠢ 1000 ᠭᠠᠷᠤᠢ ᠬᠤᠪᠢ ᠤᠷᠴᠢᠭᠤᠯᠵᠤ᠂ ᠦᠰᠦᠭ  ᠤᠨ ᠲᠤᠭ᠎ᠠ 600 ᠲᠦᠮᠡ ᠬᠦᠷᠴᠡᠢ᠃ ᠡᠬᠦᠨ ᠳᠤ ᠲᠡᠬᠦᠨ ᠤ ᠤᠷᠴᠢᠭᠤᠯᠤᠨ ᠬᠡᠪᠯᠡᠬᠦᠯᠦᠭᠰᠡᠨ ᠨᠤᠮ ᠢ ᠴᠤᠬᠤᠰ ᠲᠤᠷᠠᠳᠤᠪᠠᠯ《 ᠮᠤᠩᠭᠤᠯ ᠢᠶᠡᠷ ᠤᠷᠴᠢᠭᠤᠯᠤᠭᠰᠠᠨ ᠲᠠᠶᠢᠴᠢᠩ ᠬᠦᠷᠦᠨ ᠤ ᠡᠬᠢᠨ ᠤ ᠦᠶ᠎ᠡ ᠵᠢᠨ ᠭᠠᠳᠠᠭᠠᠲᠤ ᠮᠤᠩᠭᠤᠯ ᠤᠨ ᠲᠦᠷᠦ ᠵᠢ ᠵᠠᠰᠠᠬᠤ ᠶᠠᠪᠤᠳᠠᠯ ᠤᠨ ᠶᠠᠮᠤᠨ ᠤ ᠮᠠᠨᠵᠤ ᠠᠶᠢᠯᠠᠳᠬᠠᠯ  ᠤᠳ-ᠡᠶᠡᠪᠡᠷ ᠵᠠᠰᠠᠭᠴᠢ᠂ ᠡᠩᠬᠡ ᠠᠮᠤᠭᠤᠯᠠᠩ》᠂《ᠮᠤᠩᠭᠤᠯ ᠢᠶᠡᠷ ᠤᠷᠴᠢᠭᠤᠯᠤᠭᠰᠠᠨ ᠲᠠᠶᠢᠴᠢᠩ ᠬᠦᠷᠦᠨ ᠤ ᠲᠡᠭᠷᠢ ᠲᠡᠳᠬᠦᠭ᠍ᠴᠢ ᠵᠢᠨ ᠤᠨ  ᠨᠤᠭᠤᠳ  ᠲᠠᠬᠢ ᠭᠠᠳᠠᠭᠠᠲᠤ ᠮᠤᠩᠭᠤᠯ ᠤᠨ ᠲᠦᠷᠦ ᠵᠢ ᠵᠠᠰᠠᠬᠤ ᠶᠠᠪᠤᠳᠠᠯ ᠤᠨ ᠶᠠᠮᠤᠨ ᠤ ᠲᠠᠮᠠᠭ᠎ᠠ ᠲᠠᠢ ᠠᠶᠢᠯᠠᠳᠬᠠᠯ ᠤᠨ ᠪᠢᠴᠢᠭ᠌  ᠤᠳ》(1-6) ᠵᠡᠷᠬᠡ ᠨᠤᠮ ᠤᠳ ᠪᠠᠶᠢᠵᠤ ᠡᠬᠦᠨ ᠡᠴᠠ ᠭᠠᠳᠠᠨ᠎ᠠ 40 ᠭᠠᠷᠤᠢ ᠲᠡᠪᠳᠡᠷ ᠮᠠᠨᠵᠤ᠂ ᠮᠤᠩᠭᠤᠯ᠂ ᠬᠢᠳᠠᠳ᠂ ᠲᠦᠪᠡᠳ᠂ ᠤᠶᠢᠭᠤᠷ ᠵᠡᠷᠬᠡ ᠤᠯᠠᠨ ᠬᠡᠯᠡ  ᠶᠢ ᠬᠠᠪᠰᠤᠷᠭᠠᠬᠰᠠᠨ ᠲᠤᠯᠢ ᠪᠢᠴᠢᠭ᠂ ᠬᠦᠨ ᠤᠬᠠᠭᠠᠨ᠂ ᠤᠷᠠᠨ ᠵᠤᠬᠢᠶᠠᠯ᠂ ᠱᠠᠰᠢᠨ ᠰᠤᠷᠳᠠᠬᠤᠨ᠂ ᠰᠤᠷᠭᠠᠨ ᠬᠦᠮᠦᠵᠢᠯ ᠵᠡᠷᠭᠡ ᠬᠠᠮᠢᠶ᠎ᠠ ᠪᠦᠬᠦᠢ ᠨᠤᠮ ᠰᠤᠳᠤᠷ  ᠢ ᠡᠮᠬᠢᠳᠬᠡᠨ ᠬᠡᠪᠯᠡᠬᠦᠯᠤᠭ᠍ᠰᠡᠨ ᠪᠠᠶᠢᠨ᠎ᠠ᠃ ᠢᠩᠬᠢᠭᠡᠳ 2017 ᠤᠨ ᠤ 2 ᠰᠠᠷ᠎ᠠ ᠵᠢᠨ 28  ᠤ ᠡᠳᠦᠷ ᠡᠴᠡ 10 ᠰᠠᠷ᠎ᠠ ᠵᠢᠨ 18 ᠤ ᠡᠳᠤᠷ ᠪᠤᠯᠳᠠᠯ᠎ᠠ ᠲᠡᠷᠡᠪᠡᠷ《ᠮᠠᠨᠵᠤ ᠵᠢᠨ ᠤᠭ ᠲᠠᠩᠰᠠ》ᠵᠢ 3 ᠲᠡᠪᠳᠡᠷ ᠤᠷᠴᠢᠭᠤᠯᠤᠨ ᠲᠠᠭᠤᠰᠬᠠᠵᠤ᠂ 《ᠮᠤᠩᠭᠤᠯ ᠢᠶᠡᠷ ᠤᠷᠴᠢᠭᠤᠯᠤᠭᠰᠠᠨ ᠮᠠᠨᠵᠤ ᠵᠢᠨ ᠤᠭ ᠲᠠᠩᠰᠠ》 ᠶᠢᠨ 1-3 ᠲᠡᠪᠳᠡᠷ ᠤᠩᠰᠢᠬᠴᠢᠳ ᠯᠤᠭ᠎ᠠ ᠵᠤᠯᠭᠠᠬᠤ ᠪᠠᠷ ᠪᠡᠯᠡᠬᠡᠨ ᠪᠤᠯᠤᠭᠠᠳ ᠪᠠᠶᠢᠨ᠎ᠠ᠃ 《ᠮᠤᠩᠭᠤᠯ ᠢᠶᠡᠷ ᠤᠷᠴᠢᠭᠤᠯᠤᠭᠰᠠᠨ ᠮᠠᠨᠵᠤ ᠵᠢᠨ ᠤᠭ ᠲᠠᠩᠰᠠ》 ᠶ᠋ᠢᠨ 4-10 ᠲᠡᠪᠳᠡᠷ᠂《ᠮᠠᠨᠵᠤ ᠵᠢᠨ ᠤᠭ ᠲᠠᠩᠰᠠ ᠵᠢᠨ ᠰᠤᠳᠤᠯᠤᠯ》 ᠬᠡᠮᠡᠬᠦ 1 ᠲᠡᠪᠳᠡᠷ 2018 ᠤᠨ ᠤ ᠰᠡᠬᠦᠯᠴᠢ ᠪᠠᠷ ᠤᠩᠰᠢᠬᠴᠢᠳ  ᠯᠤᠭ᠎ᠠ ᠵᠤᠯᠭᠠᠬᠤ ᠪᠠᠷ ᠪᠤᠢ᠃ ᠤᠳᠤ ᠲᠠ ᠪᠦᠬᠦᠨ ᠳᠤ《ᠮᠤᠩ᠋ᠭᠤᠯ ᠢᠶᠡᠷ ᠤᠷᠴᠢᠭᠤᠯᠤᠭᠰᠠᠨ ᠮᠠᠨᠵᠤ ᠶᠢᠨ ᠤᠭ ᠲᠠᠩᠰᠠ》 ᠬᠡᠮᠡᠬᠦ ᠨᠤᠮ ᠤᠨ ᠤᠷᠤᠰᠢᠯ ᠤᠨ ᠬᠡᠰᠡᠭ ᠢ ᠲᠤᠯᠢᠯᠠᠭᠤᠯᠤᠶ᠎ᠠ᠂ ᠡᠭᠦᠨ ᠢᠢᠡᠷ ᠲᠠᠮᠵᠢᠭᠤᠯᠤᠨ ᠲᠤᠰ ᠨᠤᠮ ᠲᠠᠢ ᠲᠠᠨᠢᠯᠴᠠᠨ᠎ᠠ ᠤᠤ﹗

    《ᠮᠤᠩ᠋ᠭᠤᠯ ᠢᠶᠡᠷ ᠤᠷᠴᠢᠭᠤᠯᠤᠭᠰᠠᠨ ᠮᠠᠨᠵᠤ ᠶᠢᠨ ᠤᠭ ᠲᠠᠩᠰᠠ》(《蒙译满文原档》) ᠪᠤᠯᠪᠠᠰᠤ ᠲᠠᠶᠢᠸᠠᠨ ᠤ ᠬᠠᠭᠠᠨ ᠤ ᠤᠷᠳᠤᠨ ᠤ ᠮᠦᠽᠸᠢ ‍ᠳ᠋ᠤᠷ ᠬᠠᠳᠠᠭᠠᠯᠠᠭᠳᠠᠵᠤ ᠪᠠᠶᠢᠭᠰᠠᠨ ᠤᠭ ᠲᠠᠩᠰᠠ ᠵᠢ 2005 ᠤᠨ ‍ᠳ᠋ᠤᠷ ᠠ᠋ᠮᠬᠢᠳᠬᠡᠨ ᠬᠡᠪᠯᠡᠬᠦᠯᠦᠭᠰᠡᠨ《ᠮᠠᠨᠵᠤ ᠵᠢᠨ ᠤᠭ ᠲᠠᠩᠰᠠ》《满文原档》(1-10) ᠨᠤᠮ ᠢᠶᠡᠷ ᠡᠬᠡ ᠮᠠᠲ᠋ᠧᠷᠢᠶᠠᠯ ᠪᠤᠯᠭᠠᠵᠤ᠂ ᠲᠤᠰ ᠨᠤᠮ ᠤᠨ ᠲᠠᠰ ᠲᠠᠷᠠᠭᠠᠯᠠᠯ ᠢ ᠦᠰᠦᠭ ᠤᠷᠬᠢᠭᠳᠠᠭᠤᠯᠤᠯ ᠦᠬᠡᠢ ᠪᠠᠷ ᠮᠤᠩᠭᠤᠯ ᠢᠶᠡᠷ ᠤᠷᠴᠢᠭᠤᠯᠤᠭᠰᠠᠨ ᠲᠠᠩᠰᠠ ᠪᠤᠯᠤᠮᠤᠢ᠃ 2009 ᠤᠨ ‍ᠳ᠋ᠤᠷ ᠯᠢᠶᠥᠥᠨᠢᠩ ᠤᠨ ᠦᠨᠳᠦᠰᠦᠳᠡᠨ ᠤ ᠬᠡᠪᠯᠡᠯ ᠤᠨ ᠬᠤᠷᠢᠶᠠᠨ ᠡᠴᠠ ᠬᠡᠪᠯᠡᠬᠦᠯᠦᠭᠰᠡᠨ《ᠲᠤᠳᠤᠭᠠᠲᠤ ᠶᠠᠮᠤᠨ ᠤ ᠬᠠᠳᠠᠭᠠᠯᠠᠭᠰᠠᠨ ᠮᠠᠨᠵᠤ ᠦᠰᠦᠭ ᠤᠨ ᠬᠠᠭᠤᠴᠢᠨ ᠲᠠᠩᠰᠠ》(内阁藏本满文老档) ᠪᠠᠷ ᠬᠢᠨᠡᠯᠳᠡ ᠪᠤᠯᠭᠠᠵᠤ᠂ ᠬᠦᠮᠦᠨ ᠤ ᠨᠠᠷ᠎ᠠ᠂ ᠭᠠᠵᠠᠷ ᠤᠨ ᠨᠠᠷ᠎ᠡ ᠶᠢ《ᠮᠠᠨᠵᠤ ᠵᠢᠨ ᠤᠭ ᠲᠠᠩᠰᠠ》 ᠪᠤᠯᠤᠨ《ᠲᠤᠳᠤᠭᠠᠲᠤ ᠶᠠᠮᠤᠨ ᠤ ᠬᠠᠳᠠᠭᠠᠯᠠᠭᠰᠠᠨ ᠮᠠᠨᠵᠤ ᠦᠰᠦᠭ ᠤᠨ ᠬᠠᠭᠤᠴᠢᠨ ᠲᠠᠩᠰᠠ》 ᠶᠢᠨ ᠬᠤᠶᠠᠷ ᠨᠤᠮ ᠢᠶᠡᠷ ᠪᠠᠷᠢᠮᠳᠠ ᠪᠤᠯᠭᠠᠨ ᠠᠪᠤᠪᠠᠢ᠃ ᠤᠷᠴᠢᠭᠤᠯᠬᠤ ᠶᠠᠪᠤᠴᠠ ‍ᠳ᠋ᠤᠷ ᠤᠭ ᠲᠠᠩᠰᠠ ᠶᠢᠨ ᠪᠠᠯᠠᠯᠤᠭᠰᠠᠨ ᠬᠡᠰᠡᠭ ᠪᠤᠯᠤᠨ ᠲᠤᠭᠤᠷᠢᠭ ᠵᠢᠷᠤᠵᠤ ᠲᠡᠮᠳᠡᠭᠯᠡᠭᠰᠡᠨ ᠦᠬᠡᠢ ᠵᠢ《[]》 ᠲᠠᠯᠪᠢᠵᠤ ᠦᠰᠦᠭ ᠤᠨ ᠲᠢᠭ᠌ ᠢ ᠤᠨᠳᠤᠤ ᠪᠠᠷ ᠰᠤᠯᠢᠪᠠᠢ᠃ ᠤᠭ ᠲᠠᠩᠰᠠ ‍ᠳ᠋ᠤᠷ ᠡᠨᠡ ᠶᠢ ᠲᠡᠮᠳᠡᠭᠯᠡ᠂ ᠡᠨᠡ ᠵᠢ ᠪᠤᠤ ᠲᠡᠮᠳᠡᠭᠯᠡ ᠵᠡᠷᠬᠡ ᠤᠯᠠᠨ ᠵᠤᠶᠢᠯ ᠢ《〈〉》 ᠲᠠᠯᠪᠢᠪᠠᠢ᠃ ᠵᠠᠷᠢᠮ ᠲᠠᠶᠢᠯᠪᠤᠷᠢᠯᠠᠭᠰᠠᠨ ᠬᠡᠰᠡᠭ ᠢ《()》ᠲᠡᠮᠳᠡᠭ ᠲᠤᠳᠤᠷ᠎ᠠ ᠲᠤᠳᠤᠷᠬᠠᠶᠢᠯᠠᠵᠤ ᠪᠤᠢ᠃ ᠡᠬᠦᠨ ᠡᠴᠠ ᠭᠠᠳᠠᠨ᠎ᠠ ᠲᠤᠰ ᠨᠤᠮ ᠢ ᠤᠷᠴᠢᠭᠤᠯᠬᠤ ᠶᠠᠪᠤᠴᠠ ‍ᠳ᠋ᠤᠷ 1969 ᠤᠨ ‍ᠳ᠋ᠤᠷ ᠲᠠᠶᠢᠸᠠᠨ ᠡᠴᠠ ᠬᠡᠪᠯᠡᠳᠡᠭᠰᠡᠨ《ᠬᠠᠭᠤᠴᠢᠨ ᠮᠠᠨᠵᠤ ᠵᠢᠨ ᠲᠠᠩᠰᠠ》《旧满洲档》᠂ 1970 ᠤᠨ ‍ᠳ᠋ᠤᠷ ᠲᠠᠶᠢᠸᠠᠨ ‍ᠳ᠋ᠤᠷ ᠭᠤᠸᠠᠩ ᠯᠤ᠂ ᠯᠢ ᠰᠢᠤᠸᠠᠢ ‍ᡁᠢ ᠵᠢᠨ ᠤᠭ ᠲᠠᠩᠰᠠ ᠵᠢ ᠦᠨᠳᠦᠰᠦᠯᠡᠨ ᠤᠷᠴᠢᠭᠤᠯᠵᠤ ᠲᠠᠶᠢᠯᠪᠤᠷᠢᠯᠠᠭᠰᠠᠨ《 ᠴᠢᠩ ᠤᠯᠤᠰ ᠤᠨ ᠲᠠᠶᠢᠽᠤ ᠲᠦᠷᠦ ᠵᠢᠨ ᠬᠠᠭᠤᠴᠢᠨ ᠮᠠᠨᠵᠤ ᠦᠰᠦᠭ ᠤᠨ ᠤᠭ ᠲᠠᠩᠰᠠ》(《清太祖朝老满文原档》)᠂ 1990 ᠤᠨ ‍ᠳ᠋ᠤᠷ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶᠠᠨ ᠡᠴᠠ ᠬᠡᠪᠯᠡᠬᠦᠯᠦᠭᠰᠡᠨ《ᠲᠠᠶᠢᠴᠢᠩ ᠤᠯᠤᠰ ᠤᠨ ᠮᠠᠭᠠᠳ ᠬᠠᠤᠯᠢ》(清实录) (蒙文版)᠂ ᠵᠦᠩᠬᠤᠸᠠ ᠪᠢᠴᠢᠭ᠌ ᠤᠨ ᠬᠤᠷᠢᠶ᠎ᠡ (中华书局) ᠡᠴᠠ ᠬᠡᠪᠯᠡᠬᠦᠯᠦᠭᠰᠡᠨ《ᠮᠠᠨᠵᠤ ᠵᠢᠨ ᠦᠨᠡᠨ ᠮᠠᠭᠠᠳ ᠬᠠᠤᠯᠢ》(清实录) (满蒙汉合璧) ᠵᠡᠷᠬᠡ ᠤᠯᠠᠨ ᠵᠤᠶᠢᠯ ᠤᠨ ᠨᠤᠮ ᠢ ᠠᠰᠢᠭᠯᠠᠨ《ᠮᠠᠨᠵᠤ ᠵᠢᠨ ᠤᠭ ᠲᠠᠩᠰᠠ》 ‍ᠳ᠋ᠤᠷ ᠴᠦᠬᠡᠨ ᠬᠡᠳᠦᠨ ᠬᠠᠭᠤᠳᠠᠰᠤ ᠬᠤᠭᠤᠰᠤᠨ ᠬᠡᠰᠡᠭ ᠠᠭᠤᠯᠭ᠎ᠠ ᠵᠢ ᠲᠡᠬᠡᠷᠡᠬᠢ ᠬᠡᠳᠦᠨ ᠲᠠᠩᠰᠠ ᠡᠴᠠ ᠨᠦᠬᠦᠪᠦᠷᠢᠯᠡᠨ ᠠᠪᠤᠭᠰᠠᠨ ᠬᠡᠮᠡᠨ ᠤᠨᠴᠠᠯᠠᠨ ᠲᠤᠳᠤᠷᠬᠠᠶᠢᠯᠠᠰᠤᠭᠠᠢ᠃ ᠨᠤᠮ ᠢ ᠤᠨ᠂ ᠰᠠᠷ᠎ᠠ ᠵᠢᠨ ᠬᠡᠯᠪᠡᠷᠢ ᠪᠠᠷ ᠭᠠᠷᠴᠠᠭ ᠬᠢᠪᠠᠢ᠃ 《ᠮᠠᠨᠵᠤ ᠵᠢᠨ ᠤᠭ ᠲᠠᠩᠰᠠ》 ᠵᠢᠨ10 ᠨᠤᠮ ᠢ ᠤᠷᠴᠢᠭᠤᠯᠤᠨ ᠪᠠᠷᠠᠭᠠᠪᠠᠰᠤ᠂ ᠤᠤᠯ ᠤᠨ ᠤᠭ ᠲᠠᠩᠰᠠ ᠵᠢᠨ 40 ᠲᠡᠪᠳᠡᠷ ᠢ ᠶᠠᠭᠠᠬᠢᠵᠦ ᠬᠤᠪᠢᠶᠠᠭᠰᠠᠨ ᠢ ᠲᠤᠰᠬᠠᠶᠢᠯᠠᠨ ᠰᠤᠳᠤᠯᠭᠠᠨ ᠤ ᠬᠡᠯᠪᠡᠷᠢ ᠪᠠᠷ 1 ᠲᠠᠪᠳᠠᠷ ᠪᠤᠯᠭᠠᠨ ᠲᠡᠬᠡᠷ᠎ᠡ ᠲᠤᠷᠠᠳᠤᠭᠰᠠᠨ ᠬᠡᠳᠦᠨ ᠨᠤᠮ ᠯᠤᠭ᠎ᠠ ᠬᠠᠷᠢᠴᠠᠭᠤᠯᠤᠭᠰᠠᠨ ᠰᠤᠳᠤᠯᠤᠯ ᠤᠨ ᠬᠡᠯᠪᠡᠷᠢ ᠪᠠᠷ ᠨᠤᠮ ᠪᠤᠯᠭᠠᠨ ᠬᠡᠪᠯᠡᠬᠦᠯᠬᠦ ᠪᠡᠷ ᠪᠡᠯᠡᠳᠬᠡᠵᠤ ᠪᠤᠢ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠨᠡᠶᠢᠬᠡᠮ ᠠᠬᠤᠢ

ᠰᠣᠶᠤᠯ ᠤᠷᠠᠯᠢᠭ

  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
  • 《ᠪᠠᠷᠠᠭᠤᠨ ᠰᠥᠨᠢᠳ ᠢᠶᠡᠨ ᠪᠠᠬᠠᠳᠤᠨ ᠵᠢᠷᠤᠭᠯᠠᠶ᠎ᠠ》 ᠭᠠᠷ ᠤᠳᠠᠰᠤᠨ ‍ᠤ ᠭᠡᠷᠡᠯ ᠵᠢᠷᠤᠭ ‍ᠤᠨ ᠤᠷᠤᠯᠳᠤᠭᠠᠨ ᠪᠤᠯᠪᠠ
  • ᠨᠤᠮ ᠤᠨ ᠬᠡᠰᠢᠭ᠌ ᠲᠤ ᠢᠪᠡᠭᠡᠭ᠍ᠳᠡᠭᠰᠡᠨ ᠪᠠᠶᠠᠷ ᠬᠦᠷ ᠲᠠᠢ ᠵᠢᠷᠭᠤᠭᠠᠨ ᠰᠠᠷ᠎ᠠ ᠶᠢᠨ ᠨᠢᠬᠡᠨ
关闭
010070230030000000000000011120691122186033