蒙古文网站Logo
ᠰᠢᠨᠬᠤᠸᠠ ᠮᠤᠩᠭ᠋ᠤᠯ ᠨᠧᠲ

ᠮᠤᠩᠭᠤᠯ ᠬᠢᠳᠠᠳ ᠬᠠᠪᠰᠤᠷᠭᠠᠭᠰᠠᠨ 《ᠪᠠᠭᠠᠷᠢᠨ ᠬᠡᠰᠡᠷ》 ᠤᠨ ᠦᠯᠢᠬᠡᠷ -《ᠪᠤᠭᠳᠠ ᠬᠡᠰᠡᠷ ᠤᠨ ᠬᠤᠪᠢᠯᠭᠠᠨ ᠳᠤᠭᠤᠵᠢ ᠤᠷᠤᠰᠢᠪᠠᠢ》 ᠨᠤᠮ ᠬᠡᠪᠯᠡᠭᠳᠡᠪᠡ

2018-01-12 16:27

    ᠰᠢᠨᠬᠤᠧᠠ ᠮᠤᠩᠭᠤᠯ ᠨᠧᠲ   ᠬᠦᠬᠡᠬᠤᠳᠠ ᠶᠢᠨ 1 ᠰᠠᠷ᠎ᠠ ᠶᠢᠨ 12 ᠤᠨ ᠡᠳᠦᠷ ᠤᠨ ᠴᠠᠬᠢᠯᠭᠠᠨ ᠮᠡᠳᠡᠬᠡ   ᠤᠯᠤᠰ ᠤᠨ ᠵᠡᠷᠬᠡᠯᠡᠯ ᠤᠨ ᠪᠡᠶᠡᠳᠦ ᠪᠤᠰᠤ ᠰᠤᠶᠤᠯ ᠤᠨ ᠦᠪ 《ᠬᠡᠰᠡᠷ》 ᠤᠨ ᠳᠦᠯᠦᠬᠡᠯᠡᠬᠦ ᠦᠪᠯᠡᠭᠴᠢ᠂ ᠠᠷᠠᠳ ᠤᠨ ᠤᠷᠠᠯᠢᠭᠴᠢᠨ ᠵᠢᠮᠪᠠᠵᠠᠮᠰᠤ ᠬᠤᠭᠤᠷᠳᠠᠨ ᠬᠠᠶᠢᠯᠠᠵᠤ᠂ ᠦᠪᠦᠷ ᠮᠤᠩᠭᠤᠯ ᠤᠨ ᠪᠠᠭᠠᠷᠢᠨ ᠪᠠᠷᠠᠭᠤᠨ ᠬᠤᠰᠢᠭᠤᠨ ᠤ ᠪᠡᠶᠡᠳᠦ ᠪᠤᠰᠤ ᠰᠤᠶᠤᠯ ᠤᠨ ᠦᠪ ᠢ ᠬᠠᠮᠠᠭᠠᠯᠠᠬᠤ ᠠᠯᠪᠠᠨ ᠬᠡᠷ ᠤᠨ ᠡᠷᠬᠢᠯᠡᠭᠴᠢ ᠴᠢᠶᠠᠨ ᠳ᠋ᠧ ᠬᠠᠢ ᠳᠡᠮᠳᠡᠭᠯᠡᠵᠤ ᠨᠠᠶᠢᠷᠠᠭᠤᠯᠤᠭᠰᠠᠨ ᠮᠤᠩᠭᠤᠯ ᠬᠢᠳᠠᠳ ᠬᠠᠪᠰᠤᠷᠭᠠᠭᠰᠠᠨ 《ᠪᠠᠭᠠᠷᠢᠨ ᠬᠡᠰᠡᠷ》 ᠤᠨ ᠦᠯᠢᠬᠡᠷ -《ᠪᠤᠭᠳᠠ ᠬᠡᠰᠡᠷ ᠤᠨ ᠬᠤᠪᠢᠯᠭᠠᠨ ᠳᠤᠭᠤᠵᠢ ᠤᠷᠤᠰᠢᠪᠠᠢ》 ᠨᠤᠮ ᠢ ᠤᠶᠢᠷ᠎ᠠ ᠳᠤ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠎ ᠡᠴᠡ ᠬᠡᠪᠯᠡᠬᠦᠯᠪᠡ᠃

    ᠳᠡᠤᠬᠡ ᠶᠢᠨ ᠤᠷᠳᠤ ᠤᠳᠠᠭᠠᠨ ᠦᠢᠯᠡᠳᠪᠦᠷᠢᠯᠡᠯ ᠠᠮᠢᠳᠤᠷᠠᠯ ᠤᠨ ᠶᠠᠪᠤᠴᠠ ᠳᠤ ᠠᠷᠠᠳ ᠳᠦᠮᠡᠨ ᠤ ᠳᠤᠮᠳᠠ ᠦᠶ᠎ᠡ ᠳᠠᠮᠵᠢᠨ ᠤᠯᠠᠮᠵᠢᠯᠠᠭᠳᠠᠵᠤ ᠵᠤᠬᠢᠶᠠᠨ ᠪᠦᠳᠦᠬᠡᠭᠳᠡᠭᠰᠡᠨ ᠪᠠᠭᠠᠳᠤᠷᠯᠢᠭ ᠳᠤᠤᠯᠢ 《ᠬᠡᠰᠡᠷ ᠤᠨ ᠳᠤᠭᠤᠵᠢ》 ᠪᠤᠯ ᠮᠠᠨ ᠤ ᠤᠯᠤᠰ ᠤᠨ ᠭᠤᠷᠪᠠᠨ ᠳᠤᠮᠤ ᠳᠤᠤᠯᠢ ᠶᠢᠨ ᠨᠢᠬᠡ᠂ ᠳᠤᠷᠤᠨᠠᠳᠠᠬᠢᠨ ᠤ ᠳᠤᠤᠯᠢᠰ ᠤᠨ ᠵᠤᠬᠢᠶᠠᠯ ᠤᠨ ᠨᠢᠬᠡᠨ ᠤᠷᠬᠢᠯ ᠨᠢ ᠶᠤᠮ᠃ 《ᠬᠡᠰᠡᠷ》 ᠪᠤᠯ ᠠᠩᠬᠠᠳᠤᠭᠠᠷ ᠪᠦᠯᠦᠭ ᠤᠯᠤᠰ ᠤᠨ ᠵᠡᠷᠬᠡᠯᠡᠯ ᠤᠨ ᠪᠡᠶᠡᠳᠦ ᠪᠤᠰᠤ ᠰᠤᠶᠤᠯ ᠤᠨ ᠦᠪ ᠤᠨ ᠳᠦᠷᠦᠯ ᠵᠦᠢᠯ ᠳᠤ ᠪᠦᠷᠢᠳᠬᠡᠬᠦᠯᠦᠭᠰᠡᠨ ᠴᠢᠬᠤᠯᠠ ᠨᠢᠬᠡᠨ ᠰᠤᠶᠤᠯ ᠤᠨ ᠳᠡᠮᠳᠡᠭ ᠪᠤᠯᠤᠨ᠎ᠠ᠃ 2008 ᠤᠨ ᠳᠤ ᠪᠠᠭᠠᠷᠢᠨ ᠪᠠᠷᠠᠭᠤᠨ ᠬᠤᠰᠢᠭᠤ ᠨᠢ ᠰᠤᠶᠤᠯ ᠤᠨ ᠶᠠᠮᠤᠨ ᠤ 《ᠬᠡᠰᠡᠷ ᠰᠤᠶᠤᠯ ᠤᠨ ᠦᠯᠦᠬᠡᠢ》 ᠬᠡᠮᠡᠬᠦ ᠰᠠᠶᠢᠬᠠᠨ ᠠᠯᠳᠠᠷ ᠢ ᠬᠦᠷᠳᠡᠭᠰᠡᠨ ᠶᠤᠮ᠃ 《ᠪᠠᠭᠠᠷᠢᠨ ᠬᠡᠰᠡᠷ》 ᠪᠤᠯ ᠡᠷᠡᠯᠬᠡᠭ ᠪᠠᠭᠠᠳᠤᠷᠯᠢᠭ᠂ ᠴᠡᠴᠡᠨ ᠮᠡᠷᠬᠡᠨ ᠪᠠᠭᠠᠷᠢᠨᠴᠤᠳ ᠤᠨ ᠰᠠᠶᠢᠨ ᠰᠠᠶᠢᠬᠠᠨ ᠬᠦᠰᠡᠯᠡᠩ ᠢ ᠢᠯᠡᠳᠬᠡᠭᠰᠡᠨ ᠬᠦᠰᠡᠬᠦᠶᠢᠴᠢ ᠦᠵᠡᠯ᠂ ᠠᠬᠤᠢ ᠠᠮᠢᠳᠤᠷᠠᠯ ᠲᠠᠢ ᠤᠶᠢᠷᠠᠳᠤᠭᠰᠠᠨ ᠠᠬᠤᠶᠢᠴᠢ ᠦᠵᠡᠯ ᠤᠨ ᠪᠦᠳᠦᠬᠡᠭᠳᠡᠬᠦᠨ ᠶᠤᠮ᠃ ᠪᠠᠭᠠᠷᠢᠨᠴᠤᠳ ᠤᠨ ᠤᠷᠤᠰᠢᠨ ᠠᠬᠤᠢ ᠨᠤᠳᠤᠭ ᠤᠰᠤᠨ᠂ ᠠᠷᠠᠳ ᠤᠨ ᠤᠷᠠᠯᠢᠭᠴᠢ ᠶᠢᠨ ᠤᠢ ᠪᠢᠯᠢᠭ᠌ ᠢᠶᠡᠷ ᠠᠮᠢᠯᠠᠭᠰᠠᠨ 《ᠪᠠᠭᠠᠷᠢᠨ ᠬᠡᠰᠡᠷ》 ᠪᠤᠯ ᠠᠮᠠᠨ ᠶᠠᠷᠢᠶᠠᠨ ᠤ ᠬᠡᠯᠡᠯᠬᠡ᠂ ᠤᠯᠠᠮᠵᠢᠯᠠᠯᠳᠤ ᠳᠦᠷᠰᠦᠯᠡᠯ ᠢᠶᠡᠷ ᠢᠶᠡᠨ ᠮᠤᠩᠭᠤᠯ ᠬᠡᠰᠡᠷ ᠤᠨ ᠳᠤᠮᠳᠠ ᠦᠪᠡᠷᠮᠢᠴᠡ ᠤᠨᠴᠠᠯᠠᠭᠳᠠᠨ᠎ᠠ᠃ 《ᠪᠠᠭᠠᠷᠢᠨ ᠬᠡᠰᠡᠷ》 ᠤᠨ ᠠᠭᠤᠯᠭ᠎ᠠ ᠦᠷᠬᠡᠨ᠂ ᠬᠡᠯᠪᠡᠷᠢ ᠪᠠᠶᠠᠯᠢᠭ᠂ ᠤᠨᠴᠠᠯᠢᠭ ᠦᠪᠡᠷᠮᠢᠴᠡ᠂ ᠬᠡᠪ ᠨᠠᠮᠪᠠ ᠭᠤᠶᠢᠳᠠ ᠪᠠᠶᠢᠵᠤ᠂ ᠪᠠᠭᠠᠷᠢᠨ ᠰᠤᠶᠤᠯ ᠤᠨ ᠴᠢᠬᠤᠯᠠ ᠪᠦᠷᠢᠯᠳᠦᠬᠦᠨ ᠬᠡᠰᠡᠭ ᠪᠤᠯᠵᠤ ᠬᠦᠭᠵᠢᠵᠡᠢ᠃ ᠳᠡᠷᠡ ᠨᠢ ᠠᠷᠠᠳ ᠤᠨ ᠠᠮᠠᠨ ᠵᠤᠬᠢᠶᠠᠯ ᠤᠨ ᠬᠡᠯᠪᠡᠷᠢ ᠪᠡᠷ ᠬᠡᠳᠦᠨ ᠵᠠᠭᠤᠨ ᠵᠢᠯ ᠤᠯᠠᠮᠵᠢᠯᠠᠭᠳᠠᠵᠤ᠂ ᠮᠤᠩᠭᠤᠯ ᠰᠤᠶᠤᠯ ᠵᠢᠴᠢ ᠳᠡᠯᠡᠬᠡᠢ ᠶᠢᠨ ᠪᠤᠯᠪᠠᠰᠤᠨ ᠳᠤ ᠴᠢᠬᠤᠯᠠ ᠨᠦᠯᠦᠬᠡ ᠪᠡᠨ ᠦᠵᠡᠬᠦᠯᠦᠭᠰᠡᠬᠡᠷ ᠪᠠᠶᠢᠨ᠎ᠠ᠃

    《ᠪᠤᠭᠳᠠ ᠬᠡᠰᠡᠷ ᠤᠨ ᠬᠤᠪᠢᠯᠭᠠᠨ ᠳᠤᠭᠤᠵᠢ ᠤᠷᠤᠰᠢᠪᠠᠢ》 ᠳᠡᠬᠦᠪᠦᠷᠢ ᠨᠢ 《ᠠᠷᠪᠠᠨ ᠵᠦᠭ ᠤᠨ ᠬᠡᠰᠡᠷ ᠬᠠᠭᠠᠨ》᠂ 《ᠡᠷᠡᠯᠬᠡᠭ ᠬᠡᠰᠡᠷ ᠡᠪᠡᠷᠳᠤ ᠬᠠᠷ᠎ᠠ ᠮᠠᠩᠭᠤᠰ ᠢ ᠳᠠᠷᠤᠭᠰᠠᠨ ᠨᠢ》᠂ 《ᠡᠵᠡᠨ ᠪᠤᠭᠳᠠ ᠳᠡᠭᠷᠢ ᠳ᠋ᠡᠬᠡᠨ ᠪᠤᠴᠠᠭᠰᠠᠨ ᠨᠢ》 ᠵᠡᠷᠬᠡ 12 ᠪᠦᠯᠦᠭ᠌ ᠬᠤᠪᠢᠶᠠᠵᠤ᠂ ᠪᠠᠰᠠ ᠬᠡᠰᠡᠷ ᠤᠨ ᠳᠤᠮᠤᠭᠳᠤ ᠠᠭᠤᠯᠠ ᠤᠰᠤᠨ ᠤ 29 ᠠᠩᠬᠢ ᠦᠯᠢᠬᠡᠷ ᠢ ᠪᠠᠭᠳᠠᠭᠠᠵᠤ᠂ ᠠᠬᠠᠮᠠᠳ ᠤᠷᠴᠢᠭᠤᠯᠤᠭᠴᠢ ᠰᠤᠷᠭᠠᠯᠳᠤ ᠭᠤᠧᠠᠢ ᠳᠤᠰ ᠪᠦᠳᠦᠬᠡᠯ ᠢ ᠬᠢᠳᠠᠳ ᠬᠡᠯᠡᠨ᠎ᠡ ᠤᠷᠴᠢᠭᠤᠯᠪᠠ᠃ ᠡᠶᠢᠨᠬᠦ 《ᠪᠤᠭᠳᠠ ᠬᠡᠰᠡᠷ ᠤᠨ ᠬᠤᠪᠢᠯᠭᠠᠨ ᠳᠤᠭᠤᠵᠢ ᠤᠷᠤᠰᠢᠪᠠᠢ》 ᠨᠤᠮ ᠨᠢ 《ᠪᠠᠭᠠᠷᠢᠨ ᠬᠡᠰᠡᠷ》 ᠢᠶᠡᠨ ᠦᠷᠬᠡᠨ ᠤᠯᠠᠨ ᠤᠩᠰᠢᠭᠴᠢ᠂ 《ᠬᠡᠰᠡᠷ》 ᠰᠤᠳᠤᠯᠤᠭᠴᠢᠳ ᠪᠤᠯᠤᠨ ᠪᠤᠰᠤᠳ ᠦᠨᠳᠦᠰᠦᠳᠡᠨ ᠳᠤ ᠤᠬᠠᠭᠤᠯᠤᠨ ᠳᠠᠨᠢᠯᠴᠠᠭᠤᠯᠬᠤ ᠳᠤ ᠬᠤᠪᠤᠷ ᠨᠠᠨᠳᠢᠨ ᠦᠨ᠎ᠡ ᠴᠠᠨ᠎ᠠ ᠲᠠᠢ ᠮᠠᠲ᠋ᠧᠷᠢᠶᠠᠯ ᠪᠤᠯᠵᠠᠢ᠃ ᠤᠯᠠᠭᠠᠨᠬᠠᠳᠠ ᠬᠤᠳᠠ ᠶᠢᠨ ᠤᠳᠬ᠎ᠠ ᠤᠷᠠᠯᠢᠭ ᠤᠨ ᠬᠢᠨ ᠤ ᠬᠤᠯᠪᠤᠭ᠎ᠠ ᠶᠢᠨ ᠳᠡᠷᠢᠬᠦᠯᠡᠭᠴᠢ ᠯᠢ ᠸᠧᠨ ᡁᠢ ᠳᠤᠰ ᠨᠤᠮ ᠳᠤ ᠤᠷᠤᠰᠢᠯ ᠪᠢᠴᠢᠵᠤ ᠦᠭᠴᠠᠢ᠃ (ᠬᠦᠬᠡᠳᠠᠪᠠᠯᠭᠠᠨ)

ᠢᠷᠡᠯᠳᠡ᠄ ᠰᠢᠨᠬᠤᠧᠠ ᠮᠤᠩᠭᠤᠯ ᠨᠧᠲ ᠪᠡᠯᠡᠳᠭᠡᠭ᠍ᠰᠡᠨ ᠨᠢ᠄ ᠪᠣᠯᠣᠷᠴᠡᠴᠡᠭ᠌

ᠨᠡᠶᠢᠬᠡᠮ ᠠᠬᠤᠢ

ᠰᠣᠶᠤᠯ ᠤᠷᠠᠯᠢᠭ

  • ᠤᠯᠤᠰ ᠤᠨ ᠬᠡᠪᠯᠡᠯ ᠮᠡᠳᠡᠭᠡᠯᠡᠯ ᠷᠠᠳᠢᠣ᠋ ᠲᠧᠯᠸᠶ᠋ᠰ ᠤᠨ ᠶᠡᠷᠦᠩᠬᠡᠢ ᠲᠤᠪᠴᠢᠶ᠎ᠠ᠄ ᠵᠤᠭᠰᠤᠭᠠᠭᠰᠠᠨ ᠨᠡᠪᠲᠡᠷᠡᠭᠦᠯᠬᠡ ᠶᠢ ᠨᠧᠲ ᠲᠤ ᠰᠢᠯᠵᠢᠬᠦᠯᠦᠨ ᠨᠡᠪᠲᠡᠷᠡᠬᠦᠯᠵᠦ ᠪᠤᠯᠬᠤ ᠦᠬᠡᠢ
  • ᠨᠠᠷᠢᠯᠢᠬ ᠭᠤᠶᠤᠮᠰᠤᠭ ᠮᠦᠰᠦᠨ ᠱᠤᠭᠤᠮᠠᠯ 
  • ᠶᠤᠸᠠᠨ ᠤ ᠲᠡᠭᠡᠲᠤ ᠨᠡᠶᠢᠰᠯᠡᠯ ᠳᠤ ᠪᠤᠯᠤᠭᠰᠠᠨ ᠴᠠᠭᠠᠨ ᠢᠳᠡᠭᠡᠨ ᠤ ᠰᠤᠶᠤᠯ ᠤᠨ ᠨᠠᠶᠢᠷ
  • 26 ᠳ᠋ᠤᠭᠠᠷ ᠬᠤᠭᠤᠴᠠᠭᠠᠨ ᠤ ᠠᠯᠳᠠᠨ ᠳᠠᠬᠢᠶ᠎ᠠ ᠴᠡᠴᠡᠬᠡᠰ ᠺᠢᠨᠣ᠋ ᠶᠢᠨ ᠨᠠᠶᠢᠷ ᠬᠦᠬᠡᠬᠤᠳᠠ ᠳᠤ ᠨᠡᠬᠡᠬᠡᠯᠳᠡ ᠪᠡᠨ ᠬᠢᠪᠡ
关闭
010070230030000000000000011120701122251362