蒙古文网站Logo
ᠰᠢᠨᠬᠤᠸᠠ ᠮᠤᠩᠭ᠋ᠤᠯ ᠨᠧᠲ

ᠤᠳᠤᠷᠢᠳᠤᠯᠭ᠎ᠠ ᠪᠡᠷ ᠨᠢᠰᠦᠭᠴᠢ (UAV)  ᠪᠡᠷ ᠵᠢᠷᠤᠭᠯᠠᠬᠤ ᠮᠡᠳᠡᠭᠡᠯᠡᠯ ᠤᠨ ᠪᠠᠭ ᠬᠠᠳᠤᠨ ᠭᠤᠤᠯ ᠤᠨ ᠬᠡᠰᠤᠯᠲᠡ ᠶᠢ ᠵᠢᠷᠤᠭᠯᠠᠵᠤ ᠡᠬᠢᠯᠡᠪᠡ

2016-03-05 14:45

    ᠰᠢᠨᠬᠤᠸᠠ ᠨᠧᠲ ᠦᠬᠠᠢ ᠶᠢᠨ 3 ᠰᠠᠷ᠎ᠠ ᠶᠢᠨ 5 ᠤ ᠡᠳᠤᠷ ᠤᠨ ᠴᠠᠬᠢᠯᠭᠠᠨ ᠮᠡᠳᠡᠭᠡ (ᠼᠤᠤ ᠵᠧᠨ)   3 ᠰᠠᠷ᠎ᠠ ᠶᠢᠨ 4 ᠤ ᠡᠳᠤᠷ᠂ ᠰᠢᠨᠬᠤᠸᠠ ᠨᠧᠲ ᠤᠨ ᠦᠪᠦᠷ ᠮᠤᠩᠭ᠋ᠤᠯ ᠳ᠋᠋ᠡᠬᠢ ᠤᠳᠤᠷᠢᠳᠤᠯᠭ᠎ᠠ ᠪᠡᠷ ᠨᠢᠰᠦᠭᠴᠢ  ᠪᠡᠷ ᠵᠢᠷᠤᠭᠯᠠᠬᠤ ᠮᠡᠳᠡᠭᠡᠯᠡᠯ ᠤᠨ ᠪᠠᠭ ᠠᠩᠬ᠎ᠠ ᠠᠶᠠᠯᠠᠯ ᠢᠶᠡᠨ ᠡᠬᠢᠯᠡᠵᠤ᠂ ᠠᠭᠠᠷ ᠡᠴᠡ ᠬᠠᠳᠤᠨ ᠭᠤᠤᠯ ᠬᠡᠰᠦᠭᠰᠡᠨ ᠦᠵᠡᠮᠵᠢ ᠶᠢ ᠵᠢᠷᠤᠭᠯᠠᠪᠠ᠃

    3 ᠰᠠᠷ᠎ᠠ ᠶᠢᠨ 1 ᠤ ᠡᠳᠤᠷ᠂ ᠬᠠᠳᠤᠨ ᠭᠤᠤᠯ ᠦᠪᠦᠷ ᠮᠤᠩᠭ᠋ᠤᠯ ᠤᠨ ᠦᠬᠠᠢ ᠶᠢᠨ ᠬᠡᠰᠡᠭ ᠤᠨ ᠪᠠᠷᠠᠭᠤᠨ ᠡᠷᠬᠢ ᠡᠴᠡ ᠡᠬᠢᠯᠡᠨ ᠭᠡᠰᠴᠠᠢ᠃ 3 ᠰᠠᠷ᠎ᠠ ᠶᠢᠨ 4 ᠤ ᠡᠳᠤᠷ ᠤᠨ 10 ᠴᠠᠭ ᠪᠤᠯᠬᠤ ᠳᠤ᠂ ᠬᠠᠲᠤᠨ ᠭᠤᠤᠯ  ᠤᠨ ᠦᠪᠦᠷ ᠮᠤᠩᠭ᠋ᠤᠯ ᠳᠡᠬᠢ ᠬᠡᠰᠡᠭ  105 ᠺᠢᠯᠤᠮᠧᠲ᠋ᠷ ᠬᠡᠰᠴᠤ᠂ ᠤᠰᠤ ᠨᠢ ᠨᠠᠮ ᠲᠦᠯᠬᠡᠬᠡᠨ ᠪᠠᠶᠢᠯ᠎ᠠ᠃ ᠲᠤᠬᠠᠢ ᠶᠢᠨ ᠡᠳᠤᠷ᠂ ᠰᠢᠨᠬᠤᠸᠠ ᠨᠧᠲ ᠤᠨ ᠦᠪᠦᠷ ᠮᠤᠩᠭ᠋ᠤᠯ ᠳ᠋ᠡᠬᠢ ᠤᠳᠤᠷᠢᠳᠤᠯᠭ᠎ᠠ ᠪᠡᠷ ᠨᠢᠰᠦᠭᠴᠢ  ᠪᠡᠷ ᠵᠢᠷᠤᠭᠯᠠᠬᠤ ᠮᠡᠳᠡᠭᠡᠯᠡᠯ ᠤᠨ ᠪᠠᠭ  ᠬᠠᠪᠤᠷ ᠤᠨ ᠤᠷᠢ ᠲᠠᠢ ᠤᠷᠤᠯᠳᠤᠨ᠂ ᠬᠠᠳᠤᠨ ᠭᠤᠤᠯ ᠤᠨ ᠦᠬᠠᠢ ᠶᠢᠨ ᠬᠡᠰᠡᠭ ᠲᠤ ᠠᠭᠠᠷ ᠡᠴᠡ ᠵᠢᠷᠤᠭᠯᠠᠵᠤ᠂ ᠡᠵᠢ ᠭᠤᠤᠯ ᠤᠨ ᠬᠠᠶᠢᠯᠤᠭᠰᠠᠨ ᠦᠵᠡᠮᠵᠢ ᠶᠢ ᠲᠠ ᠪᠦᠬᠦᠨ ᠳᠡᠭᠡᠨ ᠰᠤᠨᠢᠷᠬᠠᠭᠤᠯᠬᠤ ᠶᠢ ᠵᠤᠷᠢᠯ᠎ᠠ᠃

    ᠰᠠᠶ᠊ᠢᠬᠠᠨ ᠰᠡᠷᠢᠭᠰᠡᠨ ᠡᠵᠢ ᠭᠤᠤᠯ ᠰᠦᠷᠯᠢᠭ᠌᠌ ᠪᠦᠭᠡᠳ ᠨᠠᠮᠵᠢᠭᠤᠨ᠂ ᠢᠷᠡᠬᠦ ᠬᠡᠳᠤᠨ ᠡᠳᠤᠷ ᠲᠤ᠂ ᠲᠡᠷᠡᠪᠡᠷ ᠲᠤᠯᠬᠢᠶᠠᠯᠠᠬᠤ ᠪᠤᠶᠤ ᠲᠦᠯᠭᠡᠨ ᠤᠷᠤᠰᠬᠤ ᠶᠠᠩᠵᠤ ᠪᠦᠷᠢ ᠶᠢᠨ ᠲᠥᠷᠬᠦ ᠪᠠᠷ ᠢᠶᠡᠨ ᠬᠡᠬᠡᠨᠴᠢᠷ ᠪᠠᠶᠢᠳᠠᠯ ᠢᠶᠡᠨ ᠢᠯᠡᠷᠡᠬᠦᠯᠬᠦ ᠶᠤᠮ᠃ ᠡᠬᠦᠨ ᠤ ᠬᠠᠮᠳᠤ᠂ ᠬᠠᠳᠤᠨ ᠭᠤᠤᠯ ᠤᠨ ᠬᠡᠳᠤᠯᠲᠡ ᠶᠢ ᠲᠠᠭᠠᠯᠳᠤᠨ ᠨᠡᠬᠦᠳᠡᠯ ᠤᠨ ᠰᠢᠪᠠᠭᠤᠳ ᠪᠤᠴᠠᠨ ᠢᠷᠡᠵᠦ᠂ ᠡᠵᠢ ᠭᠤᠤᠯ ᠤᠨ ᠬᠡᠰᠢᠭ᠌ ᠢ ᠬᠦᠷᠲᠡᠨ᠎ᠡ᠃ ᠲᠤᠬᠠᠢ ᠶᠢᠨ ᠦᠶ᠎ᠡ ᠳᠤ  ᠰᠢᠨᠬᠤᠸᠠ ᠨᠧᠲ ᠤᠨ ᠦᠪᠦᠷ ᠮᠤᠩᠭ᠋ᠤᠯ ᠳ᠋ᠡᠬᠢ ᠤᠳᠤᠷᠢᠳᠤᠯᠭ᠎ᠠ ᠪᠡᠷ ᠨᠢᠰᠦᠭᠴᠢ  ᠪᠡᠷ ᠵᠢᠷᠤᠭᠯᠠᠬᠤ ᠮᠡᠳᠡᠭᠡᠯᠡᠯ ᠤᠨ ᠪᠠᠭ ᠮᠦᠨ ᠠᠶᠠᠯᠠᠯ ᠢᠶᠡᠨ ᠦᠷᠬᠦᠯᠵᠢᠯᠡᠬᠦᠯᠬᠦ ᠪᠤᠯᠤᠨ᠎ᠠ᠃

ᠬᠠᠳᠤᠨ ᠭᠤᠤᠯ ᠤᠨ ᠦᠬᠠᠢ ᠳ᠋ᠡᠬᠢ ᠬᠡᠰᠡᠭ ᠤᠨ ᠬᠡᠰᠦᠭᠰᠡᠨ ᠪᠠᠶᠢᠳᠠᠯ ᠢ ᠠᠭᠠᠷ ᠡᠴᠡ ᠵᠢᠷᠤᠭᠯᠠᠪᠠ᠃ ( ᠹᠧᠢ ᠱᠧᠦ᠂ ᠸᠠᠩ ᠬᠤ 3 ᠰᠠᠷ᠎ᠠ ᠶᠢᠨ 4 ᠤ ᠡᠳᠤᠷ ᠤᠨ 18᠄15 ᠲᠤ ᠵᠢᠷᠤᠭᠯᠠᠪᠠ᠃)

ᠢᠷᠡᠯᠳᠡ᠄ ᠰᠢᠨᠬᠤᠸᠠ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691118242828