蒙古文网站Logo
ᠰᠢᠨᠬᠤᠸᠠ ᠮᠤᠩᠭ᠋ᠤᠯ ᠨᠧᠲ

ᠭᠤᠷᠪᠠᠨ ᠭᠤᠤᠯ ᠲᠡᠭᠡᠷ᠎ᠡ ᠰᠦᠨᠳᠡᠷᠯᠡᠭᠰᠡᠨ ᠰᠢᠨᠵᠢᠶᠠᠩ ᠤᠨ ᠭᠠᠶᠢᠬᠠᠮᠰᠢᠭᠳᠤ ᠬᠤᠳᠠ ᠺᠦᠷᠡᠯ᠎ᠡ

2016-06-15 21:40

    ᠺᠦᠷᠡᠯ᠎ᠡ ᠪᠤᠯ ᠰᠢᠨᠵᠢᠶᠠᠩ ᠤᠨ ᠴᠤᠷ ᠤᠨ ᠭᠠᠭᠴᠠ ᠲᠤᠮᠳᠠᠭᠤᠷ ᠢᠶᠡᠨ ᠭᠤᠤᠯ ᠮᠦᠷᠡᠨ ᠲᠠᠢ ᠦᠵᠡᠰᠬᠦᠯᠡᠩᠳᠤ ᠬᠤᠳᠠ ᠶᠤᠮ᠃ ᠭᠠᠭᠴᠠ ᠡᠨᠡ ᠲᠠᠪᠠᠭᠤᠯᠢᠭ ᠲᠤ ᠪᠠᠨ ᠲᠦᠰᠢᠭᠯᠡᠨ ᠺᠦᠷᠡᠯ᠎ᠡ ᠬᠤᠳᠠ 《 ᠭᠤᠷᠪᠠᠨ ᠭᠤᠤᠯ ᠤᠨ ᠤᠷᠤᠰᠬᠠᠯ ᠢ ᠨᠡᠶᠢᠯᠡᠬᠦᠯᠬᠦ》 ᠲᠦᠰᠦᠯ ᠢ ᠰᠠᠨᠠᠭᠠᠴᠢᠯᠠᠵᠤ᠂ ᠬᠤᠳᠠ ᠶᠢᠨ ᠺᠦᠩ ᠴᠢᠤᠧᠠᠢ ᠭᠤᠤᠯ᠂ ᠳ᠋ᠦ᠋ ᠵᠢᠶᠤᠸᠠᠨ ᠭᠤᠤᠯ ᠪᠠ ᠪᠠᠢ ᠯᠦ ᠭᠤᠤᠯ ᠤᠨ ᠡᠮᠦᠨ᠎ᠡ ᠤᠮᠠᠷ᠎ᠠ ᠴᠢᠭᠯᠡᠯ ᠤᠨ ᠤᠰᠤ ᠶᠢ ᠵᠡᠬᠦᠨ ᠪᠠᠷᠠᠭᠤᠨ ᠴᠢᠭᠯᠡᠯ ᠲᠠᠶᠢᠰᠢ ᠬᠦᠮᠦᠨ ᠤ ᠬᠦᠴᠦ ᠪᠡᠷ ᠲᠠᠳᠠᠵᠤ᠂ ᠬᠤᠳᠠ ᠶᠢᠨ ᠰᠢᠨ᠎ᠡ ᠬᠠᠭᠤᠴᠢᠨ ᠲᠤᠭᠤᠷᠢᠭ ᠢ ᠭᠤᠤᠯ ᠢᠶᠡᠷ ᠬᠤᠯᠪᠤᠨ《 ᠤᠰᠤᠨ ᠲᠤᠮᠳᠠ ᠬᠤᠳᠠ ᠰᠦᠨᠳᠡᠷᠯᠠᠵᠤ᠂ ᠬᠤᠳᠠᠨ ᠲᠤᠮᠳᠠ ᠤᠩᠭ᠋ᠤᠴᠠ ᠠᠶᠠᠯᠠᠨ᠂ ᠵᠢᠷᠤᠭ ᠤᠨ ᠲᠤᠮᠳᠠ ᠬᠦᠮᠦᠰ ᠵᠤᠭᠠᠯᠠᠭᠰᠠᠨ》 ᠭᠠᠶᠢᠬᠠᠮᠰᠢᠭᠳᠤ ᠦᠵᠡᠮᠵᠢ ᠪᠦᠬᠦᠢ ᠤᠰᠤᠨ ᠲᠡᠭᠡᠷᠡᠬᠢ ᠬᠤᠳᠠ ᠶᠢ ᠪᠠᠶᠢᠭᠤᠯᠵᠤ ᠡᠬᠢᠯᠡᠭᠰᠡᠨ ᠶᠤᠮ᠃ ᠡᠨᠡ ᠲᠦᠰᠦᠯ ᠤᠨ ᠪᠡᠶᠡᠯᠡᠭᠳᠡᠯ ᠬᠤᠳᠠ ᠶᠢᠨ ᠪᠦᠲᠦᠭᠡᠨ ᠪᠠᠶᠢᠭᠤᠯᠤᠭᠴᠢᠳ ᠤᠨ ᠤᠷᠠᠨ ᠲᠦᠰᠦᠪᠯᠡᠯ ᠬᠢᠭᠡᠳ ᠰᠢᠷᠭᠠᠭᠤ ᠬᠦᠳᠡᠯᠮᠦᠷᠢ ᠡᠴᠡ ᠰᠠᠯᠵᠤ ᠴᠢᠳᠠᠬᠤ ᠦᠭᠡᠢ᠃

    ᠤᠳᠤᠬᠠᠨ ᠳᠤ᠂ ᠺᠦᠷᠡᠯ᠎ᠡ ᠬᠤᠳᠠ ᠳᠤ ᠵᠢᠭᠤᠯᠴᠢᠯᠠᠭᠴᠢᠳ ᠤᠨ ᠤᠯᠠᠩᠬᠢ ᠨᠢ ᠲᠢᠶᠠᠨ ᠧ ᠭᠤᠤᠯ᠂ ᠺᠦᠩ ᠴᠢᠤᠸᠠᠢ ᠭᠤᠤᠯ ᠲᠡᠭᠡᠷ᠎ᠡ ᠤᠩᠭ᠋ᠤᠴᠠ ᠪᠡᠷ ᠵᠤᠭᠠᠯᠠᠵᠤ᠂ ᠴᠡᠴᠡᠭ ᠲᠡᠯᠭᠡᠷᠡᠵᠤ ᠰᠢᠪᠠᠭᠤᠳ ᠵᠢᠷᠬᠢᠭᠰᠡᠨ ᠬᠤᠳᠠ ᠶᠢᠨ ᠦᠵᠡᠮᠵᠢ ᠶᠢ ᠰᠤᠨᠢᠷᠬᠠᠬᠤ ᠪᠡᠷ ᠭᠤᠤᠯᠴᠢᠯᠠᠳᠠᠭ ᠪᠤᠯᠵᠠᠢ᠃

    6 ᠰᠠᠷ᠎ᠠ ᠶᠢᠨ 5 ᠤ ᠲᠡᠯᠡᠬᠡᠢ ᠶᠢᠨ ᠪᠠᠶᠢᠭᠠᠯᠢ ᠤᠷᠴᠢᠨ ᠤ ᠡᠳᠤᠷ ᠢ ᠲᠤᠬᠢᠶᠠᠯᠳᠤᠭᠤᠯᠤᠨ ᠰᠢᠨᠵᠢᠶᠠᠩ ᠤᠨ 《 ᠪᠠᠶᠠᠨᠭᠤᠤᠯ ᠡᠳᠤᠷ  ᠤᠨ ᠰᠤᠨᠢᠨ》 ᠤ ᠰᠤᠷᠪᠤᠯᠵᠢᠯᠠᠭᠴᠢ ᠴᠦ᠋‍᠊᠍•ᠬᠤᠷᠠᠢ ᠶᠢᠨ ᠵᠢᠷᠤᠭᠯᠠᠭᠰᠠᠨ ᠰᠢᠨᠵᠢᠶᠠᠩ ᠤᠨ ᠤᠰᠤᠨ ᠬᠤᠳᠠ- ᠺᠦᠷᠡᠯ᠎ᠡ ᠶᠢᠨ ᠦᠵᠡᠮᠵᠢ ᠶᠢ ᠰᠤᠨᠢᠷᠬᠠᠭᠠᠷᠠᠢ!

2016 ᠤᠨ ᠤ 5 ᠰᠠᠷ᠎ᠠ ᠶᠢᠨ 29 ᠤ ᠡᠳᠤᠷ᠂ ᠰᠢᠨᠵᠢᠶᠠᠩ ᠤᠨ ᠺᠦᠷᠡᠯ᠎ᠡ ᠬᠤᠳᠠ ᠶᠢᠨ ᠺᠦᠩ ᠴᠢᠤᠧᠠᠢ ᠭᠤᠤᠯ ᠤᠨ ᠬᠤᠶᠠᠷ ᠡᠷᠬᠢ ᠶᠢᠨ ᠭᠤᠴᠤ ᠦᠵᠡᠮᠵᠢ

2016 ᠤᠨ ᠤ 5 ᠰᠠᠷ᠎ᠠ ᠶᠢᠨ 25 ᠤ ᠡᠳᠤᠷ᠂ ᠰᠢᠨᠵᠢᠶᠠᠩ ᠤᠨ ᠺᠦᠷᠡᠯ᠎ᠡ ᠬᠤᠳᠠ ᠶᠢᠨ ᠲᠢᠶᠠᠨ ᠡᠧ ᠭᠤᠤᠯ ᠤᠨ ᠦᠵᠡᠮᠵᠢ

2016 ᠤᠨ ᠤ 5 ᠰᠠᠷ᠎ᠠ ᠶᠢᠨ 25 ᠤ ᠡᠳᠤᠷ᠂ ᠰᠢᠨᠵᠢᠶᠠᠩ ᠤᠨ ᠺᠦᠷᠡᠯ᠎ᠡ ᠬᠤᠳᠠ ᠶᠢᠨ ᠰᠢᠨ᠎ᠡ ᠬᠤᠳᠠ ᠶᠢᠨ ᠲᠤᠭᠤᠷᠢᠭ ᠤᠨ ᠮᠤᠳᠤ᠂ ᠠᠰᠠᠷ ᠪᠤᠯᠤᠨ ᠨᠠᠭᠤᠷ ᠦᠵᠡᠮᠵᠢ ᠨᠡᠶᠢᠯᠡᠨ ᠬᠢᠯᠠᠯᠵᠠᠨᠠᠮ

2016 ᠤᠨ ᠤ 5 ᠰᠠᠷ᠎ᠠ ᠶᠢᠨ 23 ᠤ ᠡᠳᠤᠷ᠂ ᠰᠢᠨᠵᠢᠶᠠᠩ ᠤᠨ ᠺᠦᠷᠡᠯ᠎ᠡ ᠬᠤᠳᠠ ᠶᠢᠨ ᠰᠢᠨ᠎ᠡ ᠬᠤᠳᠠ ᠶᠢᠨ ᠲᠤᠭᠤᠷᠢᠭ ᠲᠤ᠂ ᠬᠤᠳᠠ ᠶᠢᠨ ᠠᠷᠠᠳ ᠭᠤᠤᠯ ᠤᠨ ᠬᠦᠪᠡᠭᠡᠨ ᠳᠤ ᠰᠡᠯᠡᠬᠦᠴᠡᠵᠤ ᠪᠠᠶᠢᠨ᠎ᠠ᠃

ᠢᠷᠡᠯᠳᠡ᠄ ᠰᠢᠨᠬᠤᠸᠠ ᠮᠤᠩᠭ᠋ᠤᠯ ᠨᠧᠲ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • ᠦᠪᠦᠷ ᠮᠤᠨᠭᠭᠤᠯ ᠤᠨ ᠦᠨᠳᠦᠰᠦᠲᠡᠨ ᠤ ᠺᠢᠨᠤ᠋ ᠬᠢᠷᠢ ᠮᠤᠨᠳᠠᠬ ᠪᠠᠶᠢᠳᠠᠬ ᠢ ᠠᠨᠭᠬᠠᠷᠤᠬᠰᠨᠨ ᠤᠤ
  • ᠮᠤᠩᠭ᠋ᠤᠯ ᠦᠨᠳᠦᠰᠦᠲᠡᠨ ᠤ ᠵᠠᠯᠠᠭᠤᠴᠤᠳ ᠤᠨ ᠨᠠᠶᠢᠷᠠᠯ ᠳᠠᠭᠤᠤ ᠵᠢᠨ ᠪᠦᠯᠬᠦᠮ ᠪᠡᠭᠡᠵᠢᠩ ᠳ᠋ᠥ ᠲᠤᠭᠯᠠᠪᠠ
  • 25 ᠳ᠋ᠡᠬᠢ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠱᠠᠩᠨᠠᠯ ᠤᠨ ᠺᠢᠨᠤ᠋ ᠨᠠᠭᠠᠳᠤᠮ ᠬᠦᠰᠢᠭᠡ ᠪᠠᠨ ᠨᠡᠬᠡᠭᠡᠯ᠎ᠡ
  • ᠰᠦᠢ ᠶᠠᠩ ᠳ᠋᠋ᠢ ᠬᠠᠭᠠᠨ ᠤ ᠰᠢᠶᠤᠤ ᠬᠠᠲᠤᠨ ᠤ ᠲᠢᠳᠢᠮ ᠢ ᠳᠡᠯᠭᠡᠨ ᠦᠵᠡᠭᠦᠯᠦᠯ᠎ᠡ
关闭
010070230030000000000000011120691119050685