蒙古文网站Logo
ᠰᠢᠨᠬᠤᠸᠠ ᠮᠤᠩᠭ᠋ᠤᠯ ᠨᠧᠲ

ᠧᠦ᠋ᠷᠦᠫᠠ ᠲᠢᠪ ᠰᠤᠷᠠᠭ ᠵᠠᠩᠬᠢ ᠬᠤᠯᠪᠤᠭᠠᠨ ᠤ ᠬᠤᠶᠠᠷ ᠲᠠᠭᠠᠭᠤᠯᠢ ᠤᠳᠤ ᠶᠢ ᠠᠴᠢᠭᠰᠠᠨ ᠠᠷᠢᠶᠧᠨ ᠲᠠᠶᠢᠷᠤᠯᠳᠤ ᠰᠤᠮᠤ ᠶᠢ ᠠᠮᠵᠢᠯᠳᠠ ᠲᠠᠢ ᠬᠦᠬᠡᠷᠬᠡᠪᠡ

2017-02-15 16:49

2 ᠰᠠᠷ᠎ᠠ ᠶᠢᠨ 14 ᠤ ᠡᠳᠤᠷ᠂ ᠹᠷᠠᠨᠼᠢ ᠶᠢᠨ ᠬᠠᠷᠢᠶᠠᠯᠠᠯ ᠳ᠋ᠡᠬᠢ ᠰᠠᠨᠰᠠᠷ ᠠᠶᠠᠯᠠᠯ ᠤᠨ ᠲᠦᠪ ᠲᠤ ᠨᠢᠬᠡᠨ ᠠᠷᠢᠶᠧᠨ 5 ᠨᠤᠮᠧᠷᠳᠤ ᠠᠴᠢᠶᠠᠨ ᠤ ᠲᠠᠶᠢᠷᠤᠯᠳᠤ ᠰᠤᠮᠤ ᠢᠢ ᠠᠮᠵᠢᠯᠳᠠ ᠲᠠᠢ ᠬᠦᠬᠡᠷᠬᠡᠪᠡ᠃

    ᠭᠷᠢᠨᠢᠵ ᠤᠨ ᠴᠠᠭ ᠢᠶᠡᠷ 14 ᠤ ᠡᠳᠤᠷ ᠤᠨ 21᠄ 39 ᠴᠠᠭ ᠲᠤ ( ᠪᠡᠭᠡᠵᠢᠩ ᠤᠨ ᠴᠠᠭ  ᠢᠢᠡᠷ15 ᠤ ᠡᠳᠤᠷ ᠤᠨ 5᠄39 ᠴᠠᠭ)᠂ ᠠᠷᠢᠶᠧᠨ 5 ᠨᠤᠮᠧᠷᠳᠤ ᠠᠴᠢᠶᠠᠨ ᠤ ᠲᠠᠶᠢᠷᠤᠯᠳᠤ ᠰᠤᠮᠤ ᠹᠷᠠᠨᠼᠢ ᠶᠢᠨ ᠬᠠᠷᠢᠶ᠎ᠠ ᠭᠢᠶᠠᠨᠠ ᠶᠢᠨ ᠺᠦᠷᠦ᠋ (Kourou᠎) ᠰᠠᠨᠰᠠᠷ ᠠᠶᠠᠯᠠᠯ ᠤᠨ ᠲᠦᠪ ᠡᠴᠡ ᠠᠮᠵᠢᠯᠳᠠ ᠲᠠᠢ ᠬᠦᠬᠡᠷᠬᠡᠵᠤ ᠬᠤᠶᠠᠷ ᠲᠠᠭᠠᠭᠤᠯᠢ ᠤᠳᠤ ᠶᠢ ᠠᠮᠵᠢᠯᠳᠠ ᠲᠠᠢ ᠴᠠᠷᠢᠭ ᠵᠠᠮ ᠳᠤ ᠨᠢ ᠤᠷᠤᠭᠤᠯᠤᠭᠰᠠᠨ ᠪᠠᠶᠢᠨ᠎ᠠ᠃ ᠧᠦ᠋ᠷᠦᠫᠠ ᠲᠢᠪ ᠠᠷᠢᠶᠧᠨ ᠰᠠᠨᠰᠠᠷ ᠠᠶᠠᠯᠠᠯ ᠤᠨ ᠺᠤᠮᠫᠠᠨᠢ ᠶᠢᠨ ᠬᠠᠷᠢᠭᠤᠴᠠᠯᠭᠠᠳᠠᠨ ᠬᠡᠪᠯᠡᠯ ᠮᠡᠳᠡᠬᠡᠯᠡᠯ ᠤᠨ ᠬᠤᠷᠠᠯ ᠢᠶᠡᠷ ᠲᠠᠮᠵᠢᠨ᠂ ᠲᠤᠰ ᠲᠠᠶᠢᠷᠤᠯᠳᠤ ᠰᠤᠮᠤ ᠶᠢᠨ ᠠᠴᠢᠭᠰᠠᠨ ᠬᠤᠶᠠᠷ ᠲᠠᠭᠠᠭᠤᠯᠢ ᠤᠳᠤ ᠨᠢ ᠲᠤᠰ ᠲᠤᠰ ᠠᠮᠧᠷᠢᠺᠠ ᠶᠢᠨ ᠤᠳᠠᠰᠤ ᠮᠡᠳᠡᠬᠡᠨ ᠤ ᠺᠤᠮᠫᠠᠨᠢ (AT&T) ᠶᠢᠨ ᠬᠠᠷᠢᠶᠠᠨ ᠳ᠋ᠡᠬᠢ ᠲᠠᠭᠠᠭᠤᠯᠢ ᠤᠳᠤ ᠲᠧᠯᠸᠢᠰ ᠡᠵᠡᠩᠨᠡᠯᠳᠡ ᠶᠢᠨ ᠭᠠᠵᠠᠷ ᠤᠨ 《 ᠰᠢᠭᠤᠳ ᠨᠡᠪᠳᠡᠷᠡᠬᠦᠯᠬᠡ ᠶᠢᠨ ᠲᠧᠯᠸᠶ᠋ᠰ ᠤᠨ ᠺᠤᠮᠫᠠᠨᠢ》 ᠶᠢᠨ SKY Brasil-1 ᠲᠠᠭᠠᠭᠤᠯᠢ ᠤᠳᠤ ᠪᠤᠯᠤᠨ ᠢᠨᠳᠦ᠋ᠨᠧᠰᠢᠶ᠎ᠠ ᠴᠠᠬᠢᠯᠭᠠᠨ ᠬᠤᠯᠪᠤᠭᠠᠨ ᠤ ᠺᠤᠮᠫᠠᠨᠢ ᠶᠢᠨ Telkom 3S ᠲᠠᠭᠠᠭᠤᠯᠢ ᠤᠳᠤ ᠮᠦᠨ ᠬᠡᠪᠡ ᠃

ᠢᠷᠡᠯᠳᠡ᠄ ᠰᠢᠨᠬᠤᠸᠠ ᠬᠤᠷᠢᠶ᠎ᠠ ᠪᠡᠯᠡᠳᠭᠡᠭ᠍ᠰᠡᠨ ᠨᠢ᠄ ᠪᠠᠢ ᠯᠢᠩ ᠳ᠋ᠢ

ᠰᠣᠶᠤᠯ ᠤᠷᠠᠯᠢᠭ

  • 《ᠤᠮᠠᠷᠠᠲᠤ ᠬᠢᠯᠢ ᠶᠢᠨ ᠢᠷᠠᠭᠤ ᠡᠭᠡᠰᠢᠭ᠌ 》 ᠦᠨᠳᠦᠰᠦᠲᠡᠨ ᠤ ᠤᠷᠰᠺᠧᠲ᠋ᠷᠠ ᠬᠦᠭ᠍ᠵᠢᠮ ᠤᠨ ᠦᠳᠡᠰᠢᠯᠡᠭᠡ ᠬᠦᠬᠡᠬᠤᠲᠠ ᠳᠤ ᠪᠤᠯᠪᠠ
  • 26 ᠳ᠋ᠤᠭᠠᠷ ᠬᠤᠭᠤᠴᠠᠭᠠᠨ ᠤ ᠠᠯᠲᠠᠨ ᠲᠠᠬᠢᠶ᠎ᠠ ᠴᠡᠴᠡᠭᠡᠰ ᠺᠢᠨᠤ᠋ ᠨᠠᠭᠠᠳᠤᠮ ᠢ 9 ᠰᠠᠷ᠎ᠠ ᠶᠢᠨ 13 ᠡᠴᠡ 16 ᠡᠳᠦᠷ ᠪᠤᠯᠲᠠᠯ᠎ᠠ ᠬᠦᠬᠡᠬᠤᠲᠠ ᠳᠤ ᠵᠤᠬᠢᠶᠠᠨ ᠪᠠᠶᠢᠭᠤᠯᠤᠨ᠎ᠠ
  • ᠠᠩᠭ᠍ᠯᠢ ᠶᠢᠨ ᠳᠠᠭᠤᠴᠢᠨ ᠡᠳᠧᠯ 5 ᠲᠤᠮᠤ ᠭ᠍ᠷᠠᠶᠢᠮᠧᠢ ᠱᠠᠨᠭᠨᠠᠯ ᠲᠤᠰᠤᠯ᠎᠎ᠠ
  • ᠠᠰᠬ᠎ᠠ ᠬᠠᠳᠠᠨ ᠤ ᠢᠷᠮᠡᠭ ᠲᠡᠭᠢ 《ᠲᠡᠭ᠍ᠷᠢ ᠵᠡᠭᠡᠯᠢ》
关闭
010070230030000000000000011120691120472648